ᠶᠠᠮᠠᠷ ᠨᠢᠭᠡ ᠦᠩᠭᠡ ᠶᠢ ᠲᠠᠭᠠᠰᠢᠶᠠᠨ ᠡᠷᠬᠢᠮᠯᠡᠬᠦ ᠪᠠ ᠵᠢᠪᠡᠭᠦᠴᠡᠨ ᠴᠡᠭᠡᠷᠯᠡᠬᠦ ᠵᠠᠩ ᠦᠢᠯᠡ᠃ ᠠᠯᠢ ᠨᠢᠭᠡᠨ ᠦᠨᠳᠦᠰᠦᠲᠡᠨ ᠶᠠᠰᠣᠲᠠᠨ ᠤ ᠲᠡᠦᠬᠡ᠂ ᠠᠵᠣ | ᠠᠬᠤᠢ᠂ ᠣᠯᠣᠰ ᠲᠦᠷᠦ᠂ ᠰᠣᠶᠣᠯ ᠤᠨ ᠬᠦᠭᠵᠢᠯᠲᠡ ᠶᠢᠨ ᠶᠠᠪᠣᠴᠠ᠂ ᠱᠠᠰᠢᠨ ᠰᠣᠷᠲᠠᠬᠤᠨ ᠤ ᠦᠵᠡᠯᠲᠡ᠂ ᠭᠠᠵᠠᠷ ᠵᠦᠢ ᠶᠢᠨ ᠪᠠᠶᠢᠷᠢᠰᠢᠯ᠂ ᠪᠠᠶᠢᠭᠠᠯᠢ ᠶᠢᠨ | ᠣᠷᠴᠢᠨ ᠲᠣᠭᠤᠷᠢᠨ ᠠᠴᠠ ᠰᠢᠯᠲᠠᠭᠠᠯᠠᠵᠣ ᠶᠠᠮᠠᠷ ᠦᠩᠭᠡ ᠶᠢ ᠲᠠᠭᠠᠰᠢᠶᠠᠬᠤ ᠪᠠ ᠵᠢᠪᠡᠭᠦᠴᠡᠬᠦ ᠨᠢ ᠲᠣᠰ ᠲᠣᠰ ᠤᠨ ᠣᠨᠴᠠᠯᠢᠭ ᠲᠠᠢ ᠪᠠᠶᠢᠳᠠᠭ᠃ ᠬᠢᠲᠠᠳ ᠬᠦᠮᠦᠨ | ᠣᠯᠠᠭᠠᠨ᠂ ᠬᠠᠷ᠎ᠠ᠂ ᠰᠠᠷᠠᠯ᠂ ᠰᠢᠷ᠎ᠠ ᠦᠩᠭᠡ ᠶᠢ ᠡᠷᠬᠢᠮᠯᠡᠳᠡᠭ ᠪᠠᠶᠢᠬᠤ ᠳᠤ ᠮᠣᠩᠭᠤᠯᠴᠣᠳ ᠪᠠ ᠲᠦᠪᠡᠳᠴᠣᠳ ᠪᠣᠯ ᠴᠠᠭᠠᠨ᠂ ᠰᠢᠷ᠎ᠠ ᠦᠩᠭᠡ ᠶᠢ ᠢᠯᠡᠭᠦᠦ | ᠡᠷᠬᠢᠮᠯᠡᠳᠡᠭ᠃ ᠬᠤᠲᠣᠩ ᠪᠠ ᠣᠶᠢᠭᠤᠷ ᠬᠦᠮᠦᠨ ᠨᠣᠭᠤᠭᠠᠨ ᠦᠩᠭᠡᠨ ᠳᠤ ᠳᠣᠷᠠᠲᠠᠢ ᠪᠠᠶᠢᠳᠠᠭ᠃ ᠡᠭᠦᠨ ᠳᠤ ᠣᠯᠠᠭᠠᠨ ᠦᠩᠭᠡ ᠨᠢ ᠭᠠᠯ ᠤᠨ ᠦᠩᠭᠡ ᠪᠣᠶᠣ | ᠨᠠᠷᠠᠨ ᠤ ᠦᠩᠭᠡ ᠲᠠᠢ ᠢᠵᠢᠯ ᠪᠠᠶᠢᠳᠠᠭ ᠠᠴᠠ ᠭᠠᠯ ᠤᠨ ᠪᠣᠶᠣ ᠲᠡᠭᠷᠢ ᠶᠢᠨ ᠰᠢᠲᠦᠯᠭᠡ ᠲᠠᠢ ᠦᠨᠳᠦᠰᠦᠲᠡᠨ ᠨᠦᠭᠦᠳ ᠴᠦᠮ ᠡᠷᠬᠢᠮᠯᠡᠳᠡᠭ ᠪᠠᠶᠢᠵᠠᠢ᠃ | ᠮᠣᠩᠭᠤᠯ ᠬᠦᠮᠦᠨ ᠭᠤᠣᠯ ᠲᠦᠯᠦᠪ ᠴᠠᠭᠠᠨ᠂ ᠬᠦᠬᠡ᠂ ᠰᠢᠷ᠎ᠠ ᠪᠠ ᠣᠯᠠᠭᠠᠨ ᠦᠩᠭᠡ ᠶᠢ ᠡᠷᠬᠢᠮᠯᠡᠳᠡᠭ ᠵᠣᠷᠰᠢᠯ ᠲᠠᠢ᠃ ᠡᠭᠦᠨ ᠳᠤ ᠴᠠᠭᠠᠨ ᠪᠠ ᠬᠦᠬᠡ | ᠦᠩᠭᠡ ᠶᠢ ᠠᠯᠢ ᠡᠷᠲᠡᠨ ᠠᠴᠠ ᠡᠷᠬᠢᠮᠯᠡᠭᠰᠡᠭᠡᠷ ᠢᠷᠡᠵᠡᠢ᠃ ᠣᠯᠠᠭᠠᠨ ᠦᠩᠭᠡ ᠶᠢ ᠪᠣᠯ ᠲᠠᠭᠠᠰᠢᠶᠠᠬᠤ ᠪᠠ ᠡᠰᠡ ᠲᠠᠭᠠᠰᠢᠶᠠᠬᠤ ᠲᠠᠯ᠎ᠠ ᠴᠦᠮ ᠪᠣᠢ᠃ ᠨᠣᠭᠤᠭᠠᠨ | ᠦᠩᠭᠡ ᠶᠢ ᠪᠠᠭ᠋ᠠᠷᠬᠠᠳᠠᠭ ᠪᠣᠯᠪᠠᠴᠣ ᠲᠡᠷᠡ ᠨᠢ ᠴᠠᠭᠠᠨ ᠪᠠ ᠬᠦᠬᠡ ᠦᠩᠭᠡ ᠶᠢᠨ ᠬᠢᠷᠢ ᠴᠢᠬᠤᠯᠠᠴᠢᠯᠠᠭᠳᠠᠬᠤ ᠦᠭᠡᠢ ᠪᠠᠶᠢᠳᠠᠭ᠃ ᠬᠠᠷ᠎ᠠ ᠦᠩᠭᠡ ᠶᠢ ᠮᠣᠩᠭᠤᠯᠴᠣᠳ | ᠪᠦᠭᠦᠳᠡᠭᠡᠷ ᠵᠢᠪᠡᠭᠦᠴᠡᠨ ᠴᠡᠭᠡᠷᠯᠡᠳᠡᠭ᠃ ᠰᠠᠨᠠᠭ᠎ᠠ ᠮᠠᠭᠤ ᠬᠦᠮᠦᠨ ᠢ ︽ᠰᠡᠳᠬᠢᠯ ᠨᠢ ᠬᠠᠷ᠎ᠠ︾ ᠭᠡᠬᠦ᠂ ᠬᠠᠷᠢᠶᠠᠯᠴᠢ ᠬᠦᠮᠦᠨ ᠢ ︽ᠬᠡᠯᠡ ᠨᠢ ᠬᠠᠷ᠎ᠠ︾ ᠭᠡᠬᠦ᠂ | ᠨᠡᠭᠦᠵᠦ ᠬᠤᠭᠤᠰᠣᠷᠠᠭᠰᠠᠨ ᠨᠣᠲᠤᠭ ᠢ ︽ᠬᠠᠷ᠎ᠠ ᠨᠣᠲᠤᠭ ︾ ᠭᠡᠬᠦ ᠵᠢᠱᠢᠶ᠎ᠡ ᠲᠠᠢ᠃ ᠶᠠᠯ᠎ᠠ ᠬᠢᠭᠡᠳ ᠭᠢᠨᠳᠠᠨ ᠳᠤ ᠣᠷᠣᠪᠠᠯ ︽ᠬᠠᠷ᠎ᠠ ᠭᠡᠷ ᠲᠤ ᠰᠠᠭᠤᠯ᠎ᠠ︾ ᠭᠡᠬᠦ | ᠪᠠ ᠮᠠᠭᠤ ᠵᠡᠭᠦᠳᠦ ᠵᠡᠭᠦᠳᠦᠯᠡᠪᠡᠯ ︽ᠬᠠᠷ᠎ᠠ ᠳᠠᠷᠣᠯᠠ︾ ᠭᠡᠳᠡᠭ᠃ ᠬᠠᠷ᠎ᠠ ᠦᠩᠭᠡ ᠶᠢ ᠡᠰᠡ ᠲᠠᠭᠠᠰᠢᠶᠠᠬᠤ ᠪᠣᠯᠪᠠᠴᠣ ᠮᠣᠩᠭᠤᠯ ᠬᠦᠮᠦᠨ ᠤ ᠠᠮᠢᠳᠣᠷᠠᠯ ᠳᠤ ᠣᠣᠯ | ᠦᠩᠭᠡ ᠪᠠᠰᠠ ᠯᠡ ᠵᠣᠬᠢᠬᠤ ᠪᠠᠶᠢᠷᠢ ᠲᠠᠢ ᠪᠠᠶᠢᠳᠠᠭ ᠢ ᠣᠮᠳᠣᠭᠠᠶᠢᠯᠠᠵᠣ ᠪᠣᠯᠬᠤ ᠦᠭᠡᠢ᠃ ᠮᠣᠩᠭᠤᠯᠴᠣᠳ ᠶᠡᠭᠡ ᠪᠠᠶᠢᠭᠠᠯᠢ ᠶᠢᠨ ᠪᠠ ᠡᠳᠦᠷ ᠳᠣᠲᠣᠮ ᠤᠨ | ᠠᠮᠢᠳᠣᠷᠠᠯ ᠤᠨ ᠦᠵᠡᠭᠳᠡᠯ ᠳᠣᠮᠳᠠ ︽ᠲᠠᠪᠣᠨ ᠦᠩᠭᠡ︾ ᠭᠡᠵᠦ ᠬᠡᠯᠡᠯᠴᠡᠬᠦ ᠨᠢ ᠣᠯᠠᠨ ᠪᠠᠶᠢᠳᠠᠭ᠃ ᠲᠣᠬᠠᠶᠢᠯᠠᠪᠠᠯ ᠮᠣᠩᠭᠤᠯᠴᠣᠳ ᠤᠨ ᠦᠨᠳᠦᠰᠦᠨ ᠲᠠᠪᠣᠨ | ᠦᠩᠭᠡ ᠪᠣᠯ ︽ᠴᠠᠭᠠᠨ᠂ ᠬᠦᠬᠡ᠂ ᠣᠯᠠᠭᠠᠨ᠂ ᠨᠣᠭᠤᠭᠠᠨ᠂ ᠬᠠᠷ᠎ᠠ︾ ᠶᠣᠮ᠃ ᠲᠡᠶᠢᠮᠦ ᠪᠠᠷ ᠢᠶᠠᠨ ᠮᠣᠩᠭᠤᠯ ᠬᠦᠮᠦᠨ ︽ᠲᠠᠪᠣᠨ ᠦᠩᠭᠡ ᠶᠢᠨ ᠪᠦᠰ ᠲᠣᠷᠭ᠎ᠠ︾ | ᠭᠡᠵᠦ ᠬᠡᠯᠡᠯᠴᠡᠬᠦ ᠳᠣᠷᠠᠲᠠᠢ᠃ ᠡᠷᠲᠡᠨ ᠤ ᠲᠡᠦᠬᠡ ᠰᠣᠳᠣᠷ ᠲᠤ ᠪᠠᠰᠠ ︽ᠲᠠᠪᠣᠨ ᠦᠩᠭᠡ ᠳᠦᠷᠪᠡᠨ ᠬᠠᠷᠢ︾ ᠭᠡᠵᠦ ᠣᠯᠠᠨᠲᠠ ᠪᠢᠴᠢᠭᠳᠡᠵᠦ ᠢᠷᠡᠵᠡᠢ᠃ | ︽ᠮᠣᠩᠭᠤᠯ ᠵᠠᠩ ᠣᠶᠢᠯᠡ ᠶᠢᠨ ᠨᠡᠪᠲᠡᠷᠬᠡᠢ ᠲᠣᠯᠢ︾ ︵ᠣᠶᠣᠨᠤ ᠪᠣᠳᠢ︶ ᠡᠴᠠᠰᠣᠩᠭᠤᠨ ᠨᠡᠶᠢᠲᠡᠯᠡᠪᠡ᠃ |