ᠰᠤᠷ ᠬᠠᠷᠪᠤᠯᠲᠠ
ᠨᠡᠶᠢᠲᠡᠯᠡᠭᠰᠡᠨ ᠴᠠᠭ᠄
2025/1/8
       ᠰᠤᠷ ᠬᠠᠷᠪᠤᠯᠲᠠ ᠪᠣᠯ ︽ᠡᠷ᠎ᠡ ᠶᠢᠨ ᠭᠤᠷᠪᠠᠨ ᠨᠠᠭᠠᠳᠤᠮ︾ ᠤᠨ ᠨᠢᠭᠡᠨ ᠵᠦᠢᠯ ᠮᠥᠨ᠃ ᠮᠣᠩᠭᠤᠯ ᠦᠨᠳᠦᠰᠦᠲᠡᠨ ᠪᠣᠯ ᠳᠡᠯᠡᠬᠡᠢ ᠶᠢᠨ ᠤᠯᠠᠨ ᠦᠨᠳᠦᠰᠦᠲᠡᠨ ᠤ ᠳᠤᠮᠳᠠ ᠨᠤᠮᠤ ᠰᠤᠮᠤ ᠶᠢ ᠬᠠᠮᠤᠭ ᠤᠨ ᠡᠷᠲᠡ ᠦᠢᠯᠡᠳᠴᠦ ᠬᠡᠷᠡᠭᠯᠡᠭᠰᠡᠨ ᠦᠨᠳᠦᠰᠦᠲᠡᠨ ᠤ ᠨᠢᠭᠡ ᠨᠢ ᠶᠤᠮ᠃ ᠲᠡᠷᠡ ᠪᠠᠷᠤᠭ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠰᠡᠭᠦᠯᠴᠢ ᠪᠠᠷ ᠨᠤᠮᠤ ᠰᠤᠮᠤ ᠶᠢ ᠡᠭᠦᠳᠦᠨ ᠪᠦᠲᠦᠭᠡᠵᠡᠢ᠃ ᠣᠨ ᠲᠣᠭᠠᠯᠠᠯ ᠤᠨ ᠡᠮᠦᠨ᠎ᠡ ᠵᠢᠷᠭᠤᠳᠤᠭᠠᠷ ᠵᠠᠭᠤᠨ ᠤ ᠦᠶ᠎ᠡ ᠠᠴᠠ ᠮᠣᠩᠭᠤᠯ ᠤᠨ ᠥᠨᠳᠦᠷᠯᠢᠭ ᠳᠡᠭᠡᠷ᠎ᠡ ᠤᠷᠢᠳ ᠬᠤᠵᠢᠳ ᠠᠮᠢᠳᠤᠷᠠᠵᠤ ᠪᠠᠶᠢᠭᠰᠠᠨ ᠾᠦᠩᠨᠦ᠂ ᠳ᠋ᠦᠩᠬᠤ᠂ ᠰᠢᠶᠠᠨᠪᠢ ᠵᠡᠷᠭᠡ ᠤᠭᠰᠠᠭᠠᠲᠠᠨ ᠪᠠ ᠠᠶᠢᠮᠠᠭ ᠤᠨ ᠬᠤᠯᠪᠤᠭ᠎ᠠ ᠨᠤᠭᠤᠳ ᠠᠭᠤᠯᠠ᠂ ᠤᠰᠤ᠂ ᠲᠡᠭᠷᠢ᠂ ᠭᠠᠵᠠᠷ᠂ ᠣᠪᠣᠭ᠎ᠠ᠂ ᠤᠡᠭᠭᠤᠨ ᠲᠠᠬᠢᠬᠤ ᠪᠤᠶᠤ ᠵᠡᠷᠭᠡᠯᠡᠳᠡᠭᠡ ᠠᠶᠢᠮᠠᠭ ᠲᠠᠢ ᠪᠠᠨ ᠬᠤᠯᠪᠤᠭ᠎ᠠ ᠪᠠᠶᠢᠭᠤᠯᠬᠤ᠂ ᠲᠠᠶᠢᠨ ᠪᠠᠶᠢᠯᠳᠤᠭᠠᠨ ᠳᠤ ᠮᠣᠷᠳᠠᠬᠤ ᠪᠠ ᠪᠠᠶᠢᠯᠳᠤᠭᠠᠨ ᠤ ᠢᠯᠠᠯᠲᠠ ᠪᠠᠨ ᠪᠡᠯᠭᠡᠯᠡᠬᠦ ᠳᠤ ᠪᠦᠷ ᠨᠠᠶᠢᠷ ᠨᠠᠭᠠᠳᠤᠮ ᠬᠢᠵᠦ ᠨᠤᠮᠤ ᠰᠤᠮᠤ ᠬᠠᠷᠪᠤᠬᠤ ᠮᠥᠷᠥᠶᠢᠴᠡᠭᠡᠨ ᠢ ᠶᠠᠪᠤᠭᠤᠯᠳᠠᠭ ᠪᠠᠶᠢᠵᠠᠢ᠃           ᠮᠣᠩᠭᠤᠯ ᠦᠨᠳᠦᠰᠦᠲᠡᠨ ᠤ ᠬᠠᠮᠲᠤ ᠶᠢᠨ ᠴᠣᠭᠴᠠ ᠪᠦᠷᠢᠯᠳᠦᠬᠦ ᠠᠴᠠ ᠡᠮᠦᠨ᠎ᠡ ᠮᠣᠩᠭᠤᠯᠴᠤᠳ ᠤᠨ ᠡᠪᠦᠭᠡ ᠳᠡᠭᠡᠳᠦᠰ ᠮᠣᠷᠢᠨ ᠳᠡᠭᠡᠷ᠎ᠡ ᠠᠴᠠ ᠨᠠᠮᠨᠠᠬᠤ ᠳᠠᠭᠠᠨ ᠴᠢᠳᠠᠮᠠᠭᠠᠢ ᠭᠡᠵᠦ ᠬᠤᠯᠠ ᠣᠶᠢᠷ᠎ᠠ ᠳᠠᠭᠠᠨ ᠠᠯᠳᠠᠷᠰᠢᠭᠰᠠᠨ ᠪᠠᠶᠢᠵᠠᠢ᠃ ᠢᠲ᠋ᠠᠯᠢ ᠶᠢᠨ ᠱᠠᠰᠢᠨ ᠳᠡᠯᠭᠡᠷᠡᠭᠦᠯᠦᠭᠴᠢ ᠺᠠᠷᠪᠢᠨᠢ ᠠᠷᠪᠠᠨ ᠭᠤᠷᠪᠠᠳᠤᠭᠠᠷ ᠵᠠᠭᠤᠨ ᠤ ᠰᠡᠭᠦᠯᠴᠢ ᠦᠶ᠎ᠡ ᠪᠠᠷ ᠮᠣᠩᠭᠤᠯ ᠣᠷᠣᠨ ᠳᠤ ᠢᠷᠡᠵᠦ ᠥᠩᠭᠡᠷᠡᠵᠡᠢ᠃ ᠲᠡᠷᠡ ᠠᠶᠠᠯᠠᠯ ᠤᠨ ᠲᠡᠮᠳᠡᠭᠯᠡᠯ ᠳᠡᠭᠡᠨ ︽ᠡᠷᠡᠭᠲᠡᠢ ᠬᠥᠮᠥᠨ ᠰᠤᠮᠤ ᠵᠣᠬᠢᠶᠠᠬᠤ ᠪᠠ ᠮᠠᠯ ᠢᠶᠠᠨ ᠬᠠᠷᠢᠭᠤᠯᠬᠤ ᠠᠴᠠ ᠭᠠᠳᠠᠨ᠎ᠠ ᠶᠠᠭᠤ ᠶᠢ ᠴᠦ ᠬᠠᠮᠢᠶᠠᠷᠬᠤ ᠦᠭᠡᠢ᠃ ᠲᠡᠳᠡ ᠭᠠᠷᠴᠤ ᠠᠩ ᠠᠩᠨᠠᠨ ᠬᠠᠷᠪᠤᠵᠤ ᠨᠠᠮᠨᠠᠬᠤ ᠶᠢ ᠪᠣᠯᠪᠠᠰᠤᠷᠠᠳᠠᠭ᠃ ᠲᠡᠳᠡᠨ ᠤ ᠶᠡᠭᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭᠠᠴᠢᠨ ᠶᠤᠮ᠃ ᠲᠡᠳᠡ ᠭᠠᠷᠴᠤ ᠠᠩ ᠠᠩᠨᠠᠨ ᠬᠠᠷᠪᠤᠵᠤ ᠨᠠᠮᠨᠠᠬᠤ ᠶᠢ ᠪᠣᠯᠪᠠᠰᠤᠷᠠᠳᠠᠭ᠃ ᠲᠡᠳᠡᠨ ᠤ ᠶᠡᠭᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭᠠᠴᠢᠨ ᠶᠤᠮ᠃ ᠲᠡᠳᠡᠨ ᠤ ᠬᠡᠦᠬᠡᠳ ᠨᠢ ᠬᠤᠶᠠᠷ ᠭᠤᠷᠪᠠᠨ ᠨᠠᠰᠤᠯᠠᠮᠠᠭᠴᠠ ᠡᠬᠢᠯᠡᠨ ᠮᠣᠷᠢ ᠤᠨᠤᠵᠦ᠂ ᠮᠣᠷᠢ ᠰᠤᠷᠭᠠᠵᠤ᠂ ᠮᠣᠷᠢᠨ ᠳᠡᠭᠡᠷ᠎ᠡ ᠦᠰᠦᠷᠦᠨ ᠭᠠᠷᠴᠤ ᠴᠢᠳᠠᠬᠤ ᠪᠥᠭᠡᠳ ᠪᠠᠰᠠ ᠬᠡᠦᠬᠡᠳ ᠤᠨ ᠨᠠᠰᠤᠨ ᠤ ᠠᠳᠠᠯᠢ ᠪᠤᠰᠤ ᠪᠠᠷ ᠶᠡᠭᠡ ᠪᠠᠭ᠎ᠠ ᠨᠤᠮᠤ ᠥᠭᠴᠦ᠂ ᠲᠡᠳᠡᠨ ᠢ ᠬᠠᠷᠪᠤᠭᠤᠯᠵᠤ ᠰᠤᠷᠭᠠᠳᠠᠭ᠃ ᠲᠡᠳᠡ ᠳᠠᠳᠮᠠᠭᠠᠢ ᠮᠥᠷᠲᠡᠭᠡᠨ ᠡᠷᠡᠯᠬᠡᠭ ᠪᠠᠶᠢᠳᠠᠭ︾ ᠭᠡᠵᠦ ᠪᠢᠴᠢᠵᠡᠢ᠃ ᠡᠷᠲᠡᠨ ᠤ ᠦᠶ᠎ᠡ ᠳᠤ ᠬᠦᠦ ᠲᠠᠢ ᠪᠣᠯᠪᠠᠯ ᠡᠭᠦᠳᠡᠨ ᠳᠡᠭᠡᠷ᠎ᠡ ᠪᠠᠨ ᠨᠤᠮᠤ ᠡᠯᠭᠦᠵᠦ ᠪᠠᠶᠠᠷᠯᠠᠨ ᠪᠡᠯᠭᠡᠯᠡᠵᠦ᠂ ᠡᠷᠡᠭᠲᠡᠶᠢᠴᠦᠳ ᠪᠣᠯ ᠬᠥᠳᠡᠯᠮᠦᠷᠢᠯᠡᠬᠦ ᠪᠠ ᠤᠯᠤᠰ ᠢᠶᠠᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠲᠠᠢ ᠪᠣᠯᠬᠤᠷ ᠬᠥᠮᠥᠨ ᠪᠦᠬᠦᠨ ᠨᠤᠮᠤ ᠰᠤᠮᠤ ᠬᠠᠷᠪᠤᠵᠤ ᠰᠤᠷᠬᠤ ᠬᠡᠷᠡᠭᠲᠡᠢ ᠪᠠᠶᠢᠳᠠᠭ᠃ ᠡᠷᠲᠡᠨ ᠤ ᠦᠶ᠎ᠡ ᠳᠤ ᠴᠥᠭᠡᠨ ᠪᠤᠰᠤ ᠰᠢᠯᠢᠳᠡᠭ ᠰᠤᠷᠴᠢᠨ ᠪᠠᠶᠢᠵᠠᠢ᠃ ᠲᠤᠬᠠᠶᠢᠯᠠᠪᠠᠯ᠂ ᠴᠢᠩᠭᠢᠰ ᠬᠠᠭᠠᠨ ᠤ ᠥᠷᠯᠥᠭ ᠤᠳ ᠪᠣᠯ ᠨᠢᠭᠡ ᠨᠢᠭᠡ ᠪᠠᠷ ᠢᠶᠠᠨ ᠪᠦᠷ ᠴᠠᠴᠠᠨ ᠬᠠᠷᠪᠤᠭᠠᠴᠢ ᠴᠣᠯᠠ ᠲᠠᠢ ᠶᠤᠮ᠃ ᠮᠣᠩᠭᠤᠯ ᠡᠮᠡᠭᠲᠡᠶᠢᠴᠦᠳ ᠤᠨ ᠳᠣᠲᠣᠷ᠎ᠠ ᠴᠦ ᠰᠢᠯᠢᠳᠡᠭ ᠰᠤᠷᠴᠢᠨ ᠪᠠᠶᠢᠵᠠᠢ᠃ ︽ᠮᠣᠩᠭᠤᠯ ᠳᠤ ᠡᠯᠴᠢᠨ ᠢᠶᠠᠷ ᠣᠴᠢᠭᠰᠠᠨ ᠲᠡᠮᠳᠡᠭᠯᠡᠯ︾ ᠳᠤ ︽ᠮᠣᠩᠭᠤᠯ ᠪᠦᠰᠡᠭᠦᠶᠢᠴᠦᠳ ᠪᠦᠷ ᠥᠮᠥᠳᠦ ᠡᠮᠦᠰᠳᠡᠭ᠂ ᠡᠷᠡᠭᠲᠡᠶᠢᠴᠦᠳ ᠲᠠᠢ ᠠᠳᠠᠯᠢ ᠪᠠᠷ ᠰᠤᠷ ᠬᠠᠷᠪᠤᠵᠤ ᠴᠢᠳᠠᠮᠤᠢ︾ ᠭᠡᠵᠦ ᠪᠢᠴᠢᠵᠦ ᠪᠠᠶᠢᠳᠠᠭ᠃ ᠡᠷᠲᠡᠨ ᠤ ᠮᠣᠩᠭᠤᠯᠴᠤᠳ ᠰᠤᠷ ᠬᠠᠷᠪᠤᠬᠤ ᠳᠠᠭᠠᠨ ᠶᠠᠪᠠᠭᠠᠨ ᠬᠠᠷᠪᠤᠯᠲᠠ᠂ ᠮᠣᠷᠢᠨ ᠬᠠᠷᠪᠤᠯᠲᠠ ᠳᠤ ᠪᠦᠷ ᠴᠢᠳᠠᠮᠠᠭᠠᠢ ᠪᠠᠶᠢᠳᠠᠭ᠃ ︽ᠬᠠᠷ᠎ᠠ ᠲᠠᠲ᠋ᠠᠷ ᠤᠨ ᠪᠦᠷᠢᠨ ᠲᠡᠮᠳᠡᠭᠯᠡᠯ︾ ᠳᠤ ︽ᠳᠥᠷᠪᠡ ᠲᠠᠪᠤᠨ ᠨᠠᠰᠤᠨ ᠳᠤᠨᠢ ᠪᠠᠭ᠎ᠠ ᠨᠤᠮᠤ᠂ ᠣᠬᠤᠷ ᠰᠤᠮᠤ ᠤᠷᠤᠯᠳᠤᠭᠤᠯᠤᠬᠰᠠᠭᠠᠷ ᠥᠰᠦᠭᠰᠡᠨ ᠤ ᠬᠤᠶᠢᠨ᠎ᠠ ᠵᠢᠯ ᠤᠨ ᠲᠦᠷᠪᠡᠨ ᠤᠯᠠᠷᠢᠯ ᠳᠤ ᠠᠩ ᠠᠪᠠ ᠬᠢᠬᠦ ᠳᠤ ᠶᠠᠪᠤᠭᠤᠯᠤᠮᠤᠢ᠂ ᠳᠠᠪᠬᠢᠯᠳᠤᠭᠤᠯᠤᠨ ᠬᠠᠷᠠᠶᠢᠯᠭᠠᠬᠤᠢ ᠳᠤᠷ ᠭᠡᠳᠡᠶᠢᠨ ᠵᠤᠬᠰᠤᠬᠤ ᠠᠴᠠ ᠪᠢᠰᠢ ᠰᠠᠭᠤᠬᠤ ᠦᠭᠡᠢ᠂ ᠡᠶᠢᠮᠦ ᠠᠴᠠ ᠨᠠᠢᠮᠠ ᠶᠢᠰᠦᠨ ᠬᠤᠪᠢ ᠶᠢᠨ ᠬᠦᠴᠦᠨ ᠨᠢ ᠰᠠᠶ᠋ᠢ ᠭᠤᠳᠤᠯ ᠳᠤᠷ ᠬᠦᠷᠳᠡᠭ᠂ ᠬᠤᠢ ᠰᠠᠯᠬᠢ ᠢᠷᠡᠬᠦ‍ ᠰᠢᠭ ᠲᠦᠷᠭᠡᠨ ᠪᠥᠭᠡᠳ ᠠᠭᠤᠯᠠ ᠨᠤᠷᠠᠭᠠᠮᠠᠷ ᠬᠦᠴᠦᠨ ᠲᠠᠢ᠂ ᠵᠡᠭᠦᠨᠰᠢ ᠨᠤᠭᠤᠯᠤᠷᠠᠨ ᠡᠷᠭᠢᠯᠳᠦᠬᠦ ᠨᠢ ᠵᠢᠭᠦᠷᠲᠡᠨ ᠠᠮᠢᠳᠠᠨ ᠰᠢᠭ᠋ ᠬᠥᠩᠭᠡᠨ ᠪᠣᠯᠬᠤᠷ ᠵᠡᠭᠦᠨᠰᠢ ᠬᠢ ᠶᠢ ᠠᠩᠬᠠᠷᠤᠨ᠂ ᠪᠠᠷᠠᠭᠤᠨᠰᠢ ᠬᠢ ᠶᠢ ᠬᠠᠷᠪᠤᠬᠤ ᠳᠠᠭᠠᠨ ᠴᠢᠳᠠᠮᠠᠭᠠᠢ ᠪᠦᠯᠦᠭᠡ᠃ ᠬᠤᠳᠠᠷᠭᠠᠨ ᠭᠤᠳᠤᠰ ᠨᠠᠮᠨᠠᠬᠤ ᠪᠠᠷ ᠦᠯᠦ ᠪᠠᠷᠠᠮ ᠶᠠᠪᠠᠭᠠᠨ ᠢᠶᠠᠷ ᠬᠠᠷᠪᠤᠬᠤ ᠳᠠᠭᠠᠨ ᠬᠥᠯ ᠢᠶᠠᠨ ᠠᠯᠴᠠᠶᠢᠨ ᠵᠣᠭᠰᠣᠵᠤ ᠠᠯᠬᠤᠴᠠ ᠨᠢ ᠠᠭᠤᠳᠠᠮ᠂ ᠭᠤᠶ᠎ᠠ ᠪᠠᠨ ᠨᠤᠬᠳᠤᠯᠭᠠᠵᠦ᠂ ᠨᠢᠷᠤᠭᠤ ᠪᠠᠨ ᠪᠥᠭᠲᠥᠶᠢᠬᠦ ᠪᠣᠯᠬᠤᠷ ᠬᠦᠴᠦᠲᠡᠢ ᠪᠥᠭᠡᠳ ᠬᠠᠪᠲᠠᠰᠤ ᠶᠢ ᠨᠡᠪᠲᠡ ᠰᠢᠪᠲᠤᠯᠵᠤ ᠴᠢᠳᠠᠮᠤᠢ︾ ᠭᠡᠵᠡᠢ᠃ ᠠᠳᠡ ᠮᠣᠷᠢᠨ ᠳᠡᠭᠡᠷ᠎ᠡ ᠠᠴᠠ ᠨᠠᠮᠨᠠᠬᠤ ᠪᠣᠯᠣᠨ ᠶᠠᠪᠠᠭᠠᠨ ᠢᠶᠠᠷ ᠬᠠᠷᠪᠤᠬᠤ ᠠᠷᠭ᠎ᠠ ᠶᠢ ᠶᠠᠷᠢᠵᠠᠢ᠃
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ