ᠪᠢᠯᠠᠭᠤ ᠪᠣᠯ ᠮᠣᠩᠭᠤᠯᠴᠤᠳ ᠤᠨ ᠡᠷᠲᠡ ᠳᠡᠭᠡᠳᠦ ᠦᠶ᠎ᠡ ᠠᠴᠠ ᠤᠯᠠᠮᠵᠢᠯᠠᠵᠤ ᠢᠷᠡᠭᠰᠡᠨ ᠪᠡᠶ᠎ᠡ ᠬᠠᠮᠠᠭᠠᠯᠠᠬᠤ ᠵᠡᠪᠰᠡᠭ᠂ ᠠᠪᠠ ᠠᠩᠨᠠᠯ ᠤᠨ ᠪᠠᠭᠠᠵᠢ᠂ | ᠪᠣᠯᠪᠠᠰᠤᠷᠠᠯ ᠨᠠᠭᠠᠳᠤᠮ ᠤᠨ ᠬᠡᠷᠡᠭᠯᠡᠭᠦᠷ ᠪᠥᠭᠡᠳ ᠮᠣᠩᠭᠤᠯ ᠠᠶᠢᠯ ᠤᠨ ᠭᠡᠷ ᠤᠨ ᠡᠷᠳᠡᠨᠢ ᠶᠤᠮ᠃ | ᠪᠢᠯᠠᠭᠤ ᠰᠢᠳᠡᠬᠦ ᠬᠥᠳᠡᠯᠭᠡᠭᠡᠨ ᠨᠢ ᠬᠥᠮᠥᠨ ᠤ ᠪᠡᠶ᠎ᠡ ᠮᠠᠬᠠᠪᠤᠳ ᠲᠤ ᠲᠤᠶᠢᠯ ᠢᠶᠠᠷ ᠠᠰᠢᠭᠲᠠᠢ ᠪᠠᠶᠢᠳᠠᠭ᠃ ᠪᠢᠯᠠᠭᠤ ᠴᠣᠬᠢᠬᠤ ᠦᠶ᠎ᠡ ᠳᠤ ᠭᠦᠶᠦᠵᠦ | ᠪᠠᠶᠢᠭᠠᠳ ᠴᠣᠬᠢᠬᠤ ᠲᠤᠯᠠ ᠬᠥᠮᠥᠨ ᠤ ᠭᠦᠶᠦᠵᠦ ᠬᠠᠷᠠᠶᠢᠬᠤ ᠴᠢᠳᠠᠪᠤᠷᠢ ᠶᠢ ᠳᠡᠭᠡᠭᠰᠢᠯᠡᠭᠦᠯᠳᠡᠭ᠃ ᠪᠠᠰᠠ ᠨᠢᠷᠤᠭᠤ ᠴᠡᠭᠡᠵᠢ᠂ ᠮᠥᠷᠥ ᠶᠢᠨ ᠬᠦᠴᠦ ᠶᠢ | ᠪᠤᠯᠪᠠᠰᠤᠷᠠᠭᠤᠯᠬᠤ ᠮᠥᠷᠲᠡᠭᠡᠨ ᠪᠦᠬᠦ ᠪᠡᠶ᠎ᠡ ᠶᠢᠨ ᠵᠣᠬᠢᠴᠠᠩᠭᠤᠢ ᠴᠢᠨᠠᠷ ᠪᠣᠯᠣᠨ ᠤᠶᠠᠨ ᠬᠠᠳᠠᠨ ᠴᠢᠨᠠᠷ ᠢ ᠲᠡᠭᠡᠭᠰᠢᠯᠡᠭᠦᠯᠬᠦ ᠳᠤ ᠠᠰᠢᠭᠲᠠᠢ ᠪᠠᠶᠢᠳᠠᠭ᠃ ᠪᠢᠯᠠᠭᠤ ᠳᠤ | ᠣᠩᠭᠢᠨ ᠪᠢᠯᠠᠭᠤ᠂ ᠵᠢᠷᠦᠬᠡᠨ ︵ᠳᠡᠭᠦᠵᠢᠩ︶ ᠪᠢᠯᠠᠭᠤ᠂ ᠬᠠᠶᠢᠪ ︵ᠬᠠᠶᠠᠮᠠᠯ︶ ᠭᠡᠵᠦ ᠶᠡᠭᠡ ᠲᠥᠯᠥᠪ ᠭᠤᠷᠪᠠᠨ ᠬᠡᠯᠪᠡᠷᠢ ᠪᠠᠶᠢᠳᠠᠭ᠃ ᠪᠢᠯᠠᠭᠤ ᠶᠢ ᠣᠩᠭᠢ ᠪᠠ ᠵᠢᠷᠦᠬᠡ ᠶᠢ | ᠳᠤᠭᠤᠯᠠᠭ᠎ᠠ ᠪᠤᠶᠤ ᠵᠡᠰ ᠭᠠᠤᠯᠢ᠂ ᠲᠡᠮᠦᠷ ᠢᠶᠠᠷ ᠬᠢᠳᠡᠭ᠃ ᠪᠢᠯᠠᠭᠤ ᠶᠢᠨ ᠡᠰᠢ ᠶᠢ ᠬᠠᠶᠢᠯᠠᠰᠤ᠂ ᠰᠢᠷ᠎ᠠ ᠳᠠᠯᠳᠤᠨ ᠮᠣᠳᠣ ᠪᠠᠷ ᠮᠠᠳᠠᠵᠦ ᠬᠢᠨ᠎ᠡ᠃ ᠪᠢᠯᠠᠭᠤ ᠨᠢ ᠭᠠᠷ ᠤᠨ | ᠬᠦᠴᠦ ᠪᠠᠨ ᠦᠨᠳᠦᠰᠦᠯᠡᠨ ᠲᠠᠤᠯᠠᠢ ᠴᠣᠬᠢᠬᠤ᠂ ᠴᠢᠨ᠋ᠸ᠎ᠠ ᠴᠣᠬᠢᠬᠤ ᠪᠠᠷ ᠣᠩᠭᠢ ᠶᠢ ᠨᠢ ᠴᠢᠳᠬᠤᠳᠠᠭ᠃ ᠪᠢᠯᠠᠭᠤ ᠶᠢᠨ ᠡᠰᠢ ᠶᠢ ᠬᠡᠷᠡᠭᠯᠡᠬᠦ ᠬᠥᠮᠥᠨ ᠤ ᠪᠠᠨ ᠵᠢᠷᠭᠤᠭᠠᠨ | ᠪᠠᠷᠢᠮ ᠬᠭᠠᠰ ᠣᠷᠴᠢᠮ ᠤᠷᠲᠦ ᠬᠢᠳᠡᠭ᠃ | ᠪᠢᠯᠠᠭᠤ ᠴᠣᠬᠢᠬᠤ ᠬᠥᠳᠡᠯᠭᠡᠭᠡᠨ ᠳᠤ ᠭᠠᠯᠠᠭᠤ ᠴᠣᠬᠢᠬᠤ᠂ ᠳ᠋ᠢᠩᠭ᠎ᠠ ᠴᠣᠬᠢᠬᠤ᠂ ᠲᠤᠩᠭ᠎ᠠ ᠴᠣᠬᠢᠬᠤ᠂ ᠮᠠᠨᠤᠤᠯ ᠴᠣᠬᠢᠬᠤ᠂ ᠳᠤᠭᠤᠢ ᠴᠣᠬᠢᠬᠤ᠂ ᠲᠠᠤᠯᠠᠢ ᠴᠣᠬᠢᠬᠤ | ᠵᠡᠷᠭᠡ ᠬᠡᠯᠪᠡᠷᠢ ᠪᠠᠶᠢᠳᠠᠭ᠃ ᠵᠤᠤ ᠤᠳᠠ ᠶᠢᠨ ᠪᠠᠭᠠᠷᠢᠨ᠂ ᠠᠷᠤ ᠬᠤᠷᠴᠢᠨ᠂ ᠣᠩᠨᠢᠭᠤᠳ ᠢᠶᠠᠷ ᠤᠤᠯ ᠳᠤ ᠪᠠᠨ ᠲᠠᠤᠯᠠᠢ ᠶᠢᠨ ᠠᠪᠠ ᠳᠡᠭᠡᠷ᠎ᠡ ᠮᠣᠷᠢᠨ ᠤ ᠲᠣᠷᠭᠠᠨ | ᠭᠦᠶᠦᠳᠡᠯ ᠳᠡᠭᠡᠷ᠎ᠡ ᠭᠦᠶᠦᠭᠡ ᠲᠠᠤᠯᠠᠢ ᠶᠢ ᠤᠨᠤᠪᠴᠢᠲᠠᠢ ᠴᠣᠬᠢᠵᠤ ᠠᠪᠠᠯᠠᠵᠤ ᠪᠠᠶᠢᠭᠰᠠᠨ ᠶᠤᠮ᠃ ᠪᠢᠯᠠᠭᠤ ᠴᠣᠬᠢᠬᠤ ᠬᠥᠳᠡᠯᠭᠡᠭᠡᠨ ᠨᠢ ᠥᠪᠥᠷ ᠮᠣᠩᠭᠤᠯ ᠤᠨ ᠵᠤᠤ | ᠤᠳᠠ᠂ ᠵᠢᠷᠢᠮ᠂ ᠬᠥᠯᠥᠨ ᠪᠤᠶᠢᠷ ᠢᠶᠠᠷ ᠬᠠᠷᠠᠭᠳᠠᠵᠤ ᠪᠠᠶᠢᠳᠠᠭ᠃ | ᠪᠢᠯᠠᠭᠤ ᠴᠣᠬᠢᠬᠤ ᠶᠢ ᠮᠣᠷᠢᠨ ᠳᠡᠭᠡᠷ᠎ᠡ ᠠᠴᠠ ᠴᠣᠬᠢᠬᠤ ᠪᠠ ᠶᠠᠪᠠᠭᠠᠨ ᠴᠣᠬᠢᠬᠤ︔ ᠶᠠᠪᠠᠭᠠᠨ ᠴᠣᠬᠢᠬᠤ ᠳᠤ ᠣᠷᠣᠨ ᠳᠤ ᠪᠠᠨ ᠵᠣᠭᠰᠣᠵᠤ ᠴᠣᠬᠢᠬᠤ ᠪᠠ | ᠣᠭᠵᠣᠮ ᠭᠦᠶᠦᠭᠡᠳ ᠴᠣᠬᠢᠬᠤ ᠭᠡᠵᠦ ᠪᠤᠢ᠃ ᠮᠥᠷᠥᠶᠢᠴᠡᠭᠡᠨ ᠳᠤ ᠪᠢᠯᠠᠭᠤ ᠶᠢ ᠬᠤᠯᠠ ᠴᠣᠬᠢᠬᠤ ᠪᠠ ᠤᠨᠤᠪᠴᠢᠲᠠᠢ ᠴᠣᠬᠢᠬᠤ ᠭᠡᠵᠦ ᠬᠤᠶᠠᠷ ᠬᠡᠯᠪᠡᠷᠢ ᠬᠤᠪᠢᠶᠠᠳᠠᠭ ᠃ | | ᠪᠢᠯᠠᠭᠤ ᠶᠢᠨ ᠲᠤᠬᠠᠢ ᠵᠠᠩ ᠦᠢᠯᠡ ᠳᠤ ᠮᠣᠩᠭᠤᠯᠴᠤᠳ ᠠᠩ ᠬᠢᠬᠦ ᠠᠴᠠ ᠭᠠᠳᠠᠨ᠎ᠠ ᠮᠠᠯ ᠰᠦᠷᠦᠭ ᠲᠤ ᠪᠠᠨ ᠶᠠᠪᠤᠬᠤ ᠳᠤ ᠪᠢᠯᠠᠭᠤ ᠰᠤᠶᠢᠷᠠᠵᠤ ᠶᠠᠪᠤᠳᠠᠭ᠃ | ᠡᠨᠡ ᠨᠢ ᠴᠢᠨ᠋ᠸ᠎ᠠ ᠨᠣᠬᠠᠢ ᠮᠠᠯ ᠰᠦᠷᠦᠭ ᠲᠤ ᠣᠷᠣᠬᠤ ᠶᠢ ᠰᠡᠷᠭᠡᠶᠢᠯᠡᠬᠦ ᠮᠥᠷᠲᠡᠭᠡᠨ ᠮᠠᠯ ᠡᠷᠭᠢᠭᠦᠯᠬᠦ ᠳᠤ ᠵᠠᠷᠤᠳᠠᠭ ᠪᠠᠶᠢᠨ᠎ᠠ᠃ ᠡᠷ᠎ᠡ ᠬᠥᠮᠥᠨ ᠮᠠᠯ᠂ ᠲᠠᠷᠢᠶ᠎ᠠ᠂ ᠲᠦᠯᠡᠭᠡ᠂ | ᠮᠣᠳᠣᠨ ᠳᠤ ᠶᠠᠪᠤᠬᠤ ᠳᠤ ᠪᠢᠯᠠᠭᠤ ᠠᠪᠴᠤ ᠶᠠᠪᠤᠳᠠᠭ᠃ ᠪᠢᠯᠠᠭᠤ ᠪᠠᠨ ᠰᠤᠶᠢᠷᠠᠵᠤ ᠠᠶᠢᠯ ᠤᠨ ᠭᠡᠷ ᠲᠤ ᠣᠷᠣᠬᠤ ᠦᠭᠡᠢ᠂ ᠵᠠᠪᠠᠯ ᠭᠠᠳᠠᠨ᠎ᠠ ᠡᠭᠦᠳᠡᠨ ᠤ | ᠬᠠᠵᠠᠭᠤ ᠳᠠᠬᠢ ᠡᠯᠭᠦᠭᠦᠷ ᠳᠡᠭᠡᠷ᠎ᠡ ᠡᠯᠭᠦᠵᠦ ᠲᠠᠯᠪᠢᠳᠠᠭ᠃ ᠠᠶᠢᠯ ᠤᠨ ᠵᠣᠴᠢᠨ ᠤ ᠪᠢᠯᠠᠭᠤ ᠶᠢ ᠬᠡᠦᠬᠡᠳ ᠢᠶᠠᠷ ᠢᠶᠠᠨ ᠨᠠᠭᠠᠳᠤᠭᠤᠯᠬᠤ ᠦᠭᠡᠢ᠂ ᠪᠢᠯᠠᠭᠤ ᠪᠠᠨ ᠳᠡᠭᠡᠷ᠎ᠡ | ᠳᠣᠣᠷ᠎ᠠ ᠬᠠᠶᠠᠵᠤ ᠬᠥᠮᠥᠨ ᠮᠠᠯ ᠢᠶᠠᠷ ᠭᠢᠰᠬᠢᠭᠦᠯᠬᠦ ᠶᠢ ᠲᠠᠰᠤ ᠴᠡᠭᠡᠷᠯᠡᠨ᠎ᠡ᠃ ᠪᠢᠯᠠᠭᠤ ᠪᠠᠨ ᠭᠡᠭᠡᠭᠡᠳ ᠪᠠᠶᠢᠬᠤ ᠳᠤ ᠣᠯᠵᠤ ᠠᠪᠤᠭᠰᠠᠨ ᠡᠵᠡᠨ ᠳᠤ ᠰᠠᠶᠢᠲᠤᠷ | ᠲᠠᠯᠠᠷᠬᠠᠨ᠎ᠠ᠃ ᠬᠦᠦ ᠲᠠᠢ ᠪᠣᠯᠪᠠᠯ ᠤᠢ ᠶᠢᠨ ᠬᠤᠷᠢᠮ ᠳᠡᠭᠡᠷ᠎ᠡ ᠬᠡᠦᠬᠡᠳ ᠢᠶᠠᠷ ᠢᠶᠠᠨ ᠡᠳ᠋ ᠪᠠᠷᠠᠭ᠎ᠠ ᠰᠣᠩᠭᠤᠭᠤᠯᠬᠤ ᠳᠤ ᠪᠢᠯᠠᠭᠤ ᠲᠠᠯᠪᠢᠳᠠᠭ᠃ ᠬᠡᠦᠬᠡᠳ ᠨᠢ ᠪᠢᠯᠠᠭᠤ | ᠠᠪᠤᠭᠰᠠᠨ ᠪᠠᠶᠢᠪᠠᠯ ᠠᠲᠠᠭᠠᠲᠠᠨ ᠳᠠᠶᠢᠰᠤᠨ ᠢ ᠥᠨᠳᠡᠶᠢᠯᠭᠡᠳᠡᠭ ᠦᠭᠡᠢ ᠰᠠᠶᠢᠨ ᠡᠷ᠎ᠡ ᠪᠣᠯᠣᠨ᠎ᠠ ᠭᠡᠵᠦ ᠪᠡᠯᠭᠡᠰᠢᠶᠡᠳᠡᠭ᠃ ᠤᠯᠠᠨ ᠬᠦᠦ ᠲᠠᠢ ᠬᠥᠮᠥᠨ ᠬᠦᠦ ᠨᠢ ᠪᠢᠯᠠᠭᠤ | ᠵᠠᠷᠤᠬᠤ ᠨᠠᠰᠤᠨ ᠳᠤ ᠬᠦᠷᠦᠮᠡᠭᠴᠡ ᠪᠢᠯᠠᠭᠤ ᠴᠢᠳᠬᠤᠭᠤᠯᠵᠤ ᠭᠠᠷ ᠤᠨ ᠵᠡᠪᠰᠡᠭ ᠲᠠᠢ ᠪᠣᠯᠭᠠᠳᠠᠭ᠃ ᠪᠢᠯᠠᠭᠤ ᠪᠠᠷ ᠰᠠᠶᠢᠨ ᠬᠥᠮᠥᠨ ᠢ ᠴᠣᠬᠢᠵᠤ ᠪᠤᠯᠳᠠᠬ ᠦᠭᠡᠢ ᠭᠡᠬᠦ | ᠮᠡᠲᠦ᠃ |