ᠠᠨᠳᠠᠢ ᠭᠡᠬᠦ ᠳᠠᠭᠤᠤ ᠪᠥᠵᠢᠭ ᠪᠣᠯ ᠮᠣᠩᠭᠤᠯᠴᠤᠳ ᠤᠨ ᠤᠯᠠᠮᠵᠢᠯᠠᠯᠲᠤ ᠳᠠᠭᠤᠤ ᠪᠥᠵᠢᠭ ᠤᠨ ᠤᠷᠠᠯᠢᠭ ᠤᠨ ᠬᠥᠭᠵᠢᠯ ᠳᠠᠬᠢ ᠴᠢᠬᠤᠯᠠ ᠨᠢᠭᠡ ᠰᠠᠯᠪᠤᠷᠢ | ᠰᠤᠳᠠᠰᠤᠨ ᠮᠥᠨ ᠪᠥᠭᠡᠳ ᠨᠤᠲᠤᠭ ᠣᠷᠣᠨ ᠤ ᠰᠢᠨᠵᠢ ᠪᠦᠬᠦᠢ ᠰᠣᠶᠣᠯ ᠤᠨ ᠤᠨᠴᠠᠭᠠᠢ ᠨᠢᠭᠡᠨ ᠦᠵᠡᠭᠳᠡᠯ ᠭᠡᠯᠲᠡᠢ ᠶᠤᠮ᠃ ᠠᠨᠳᠠᠢ ᠶᠢ ᠰᠣᠶᠣᠯ ᠤᠨ | ᠬᠠᠷᠠᠭᠠᠰᠤ ᠠᠴᠠ ᠰᠤᠳᠤᠯᠬᠤ ᠭᠡᠪᠡᠯ᠂ ᠠᠷᠠᠳ ᠤᠨ ᠳᠤᠮᠳᠠ ᠤᠷᠲᠦ ᠬᠤᠭᠤᠴᠠᠭ᠎ᠠ ᠪᠠᠷ ᠤᠯᠠᠮᠵᠢᠯᠠᠭᠳᠠᠨ᠂ ᠮᠣᠩᠭᠤᠯ ᠤᠨ ᠦᠢ ᠲᠦᠮᠡᠨ ᠬᠥᠳᠡᠯᠮᠦᠷᠢᠴᠢᠨ ᠠᠷᠠᠳ | ᠲᠦᠮᠡᠨ ᠤ ᠵᠤᠭ᠎ᠠ ᠰᠣᠨᠢᠷᠬᠠᠯ ᠪᠣᠯᠭᠠᠨ ᠥᠪᠯᠡᠵᠦ ᠪᠠᠶᠢᠭ᠎ᠠ ᠠᠮᠢᠳᠤ ᠪᠠᠶᠠᠯᠢᠭ ᠳᠠᠭᠤᠤ ᠪᠥᠵᠢᠭ ᠤᠨ ᠤᠷᠠᠯᠢᠭ ᠲᠤ ᠬᠡᠭᠡᠷ᠎ᠡ ᠶᠢᠨ ᠪᠠᠶᠢᠴᠠᠭᠠᠯᠲᠠ ᠬᠢᠬᠦ ᠨᠢ | ᠲᠤᠲᠠᠭᠳᠠᠵᠤ ᠦᠯᠦ ᠪᠤᠯᠬᠤ ᠰᠠᠭᠤᠷᠢ ᠨᠥᠬᠦᠴᠡᠯ ᠪᠤᠯᠳᠠᠬ ᠭᠡᠳᠡᠭ ᠢ ᠮᠡᠳᠡᠷᠡᠭᠦᠰᠢᠲᠡᠢ ᠶᠤᠮ᠃ | ᠤᠨᠴᠠᠭᠠᠢ ᠰᠣᠶᠣᠯ ᠨᠢ ᠤᠨᠴᠠᠭᠠᠢ ᠠᠮᠢ ᠠᠬᠤᠢ ᠶᠢᠨ ᠣᠷᠴᠢᠨ ᠠᠴᠠ ᠤᠯᠪᠠᠭᠠᠯᠠᠵᠤ᠂ ᠤᠨᠴᠠᠭᠠᠢ ᠰᠣᠶᠣᠯ ᠰᠡᠳᠬᠢᠴᠡ ᠨᠢ ᠤᠨᠴᠠᠭᠠᠢ ᠠᠵᠤ ᠠᠬᠤᠢ ᠶᠢᠨ | ᠬᠡᠯᠪᠡᠷᠢ ᠠᠴᠠ ᠤᠯᠪᠠᠭᠠᠯᠠᠵᠤ᠂ ᠠᠳᠠᠯᠢ ᠪᠤᠰᠤ ᠪᠥᠵᠢᠭ ᠤᠨ ᠬᠡᠪ ᠨᠠᠮᠪᠠ ᠶᠢ ᠤᠨᠴᠠᠭᠠᠢ ᠰᠣᠶᠣᠯ ᠤᠨ ᠡᠬᠢ ᠰᠤᠷᠪᠤᠯᠵᠢ ᠲᠥᠯᠥᠪᠰᠢᠷᠡᠳᠡᠭ᠃ ᠡᠨᠡ ᠪᠣᠯ ᠠᠨᠳᠠᠢ ᠶᠢᠨ | ᠡᠭᠦᠰᠦᠯᠲᠡ ᠶᠢᠨ ᠤᠷᠢᠳᠠᠯ ᠤᠨ ᠰᠢᠨᠵᠢ ᠲᠠᠢ ᠬᠥᠮᠥᠨ ᠵᠦᠢᠯ ᠪᠣᠯᠣᠨ᠎ᠠ᠃ ᠠᠨᠳᠠᠢ ᠶᠢᠨ ᠡᠭᠦᠰᠦᠯ ᠤᠨ ᠳᠤᠮᠤᠬ᠄ | ᠡᠨᠡ ᠲᠤᠬᠠᠢ ᠬᠦᠷᠢᠶ᠎ᠡ ᠬᠤᠰᠢᠭᠤ᠂ ᠮᠣᠩᠭᠤᠯᠵᠢᠨ ᠬᠤᠰᠢᠭᠤ᠂ ᠭᠤᠷᠯᠣᠰ ᠬᠤᠰᠢᠭᠤ᠂ ᠲᠠᠷᠬᠠᠨ ᠬᠤᠰᠢᠭᠤ᠂ ᠠᠷᠤ ᠬᠠᠯᠬ᠎ᠠ ᠵᠡᠷᠭᠡ ᠠᠴᠠ ᠡᠭᠦᠰᠦᠯ᠎ᠡ ᠭᠡᠳᠡᠭ | ᠳᠤᠮᠤᠬ ᠪᠦᠷ ᠪᠤᠢ᠃ ᠭᠡᠪᠡᠴᠦ ᠬᠦᠷᠢᠶ᠎ᠡ ᠬᠤᠰᠢᠭᠤ ᠠᠴᠠ ᠡᠭᠦᠰᠦᠯ᠎ᠡ ᠭᠡᠳᠡᠭ ᠲᠣᠮᠣ ᠭᠤᠣᠯ ᠪᠠᠶᠢᠷᠢ ᠶᠢ ᠡᠵᠡᠯᠡᠨ᠎ᠡ᠃ ᠳᠤᠮᠤᠬ ᠤᠳ ᠲᠤ ᠠᠨᠳᠠᠢ ᠲᠡᠭᠡᠭᠡᠭᠰᠡᠨ ᠲᠡᠷᠭᠡ | ᠨᠢ ᠴᠥᠮ ᠢᠶᠠᠷ ᠢᠶᠠᠨ ᠬᠦᠷᠢᠶ᠎ᠡ ᠬᠤᠰᠢᠭᠤᠨ ᠳᠤ ᠣᠩᠬᠤᠯᠢᠳᠠᠭ ᠣᠨᠴᠠᠯᠢᠭ ᠲᠠᠢ᠃ ᠪᠠᠷᠤᠭ ︽ᠠᠨᠳᠠᠢ︾ ᠭᠡᠳᠡᠭ ᠨᠡᠷᠡᠶᠢᠳᠦᠯ ᠡᠨᠡ ᠦᠶᠡᠰ ᠠᠴᠠ ᠡᠬᠢᠯᠡᠵᠦ ᠪᠤᠢ ᠪᠣᠯᠵᠠᠢ | ᠭᠡᠳᠡᠭ᠃ | ᠠᠨᠳᠠᠢ ᠭᠡᠳᠡᠭ ᠦᠭᠡ ᠶᠢᠨ ᠤᠳᠬ᠎ᠠ᠄ | ᠣᠯᠠᠩᠬᠢ ᠡᠷᠳᠡᠮᠲᠡᠳ ︽ᠡᠪᠡᠳᠴᠢᠨ ᠤ ᠨᠡᠷ᠎ᠡ︾ ᠭᠡᠳᠡᠭ᠃ ᠭᠡᠬᠦ ᠳᠡᠭᠡᠨ ᠵᠠᠯᠠᠭᠤ ᠥᠬᠢᠨ᠂ ᠵᠠᠯᠠᠭᠤ ᠪᠡᠷᠢᠶᠡᠳ ᠲᠤ ᠬᠠᠶᠠ ᠲᠣᠬᠢᠶᠠᠯᠳᠤᠳᠠᠭ ᠬᠦᠢᠲᠡᠨ | ᠡᠪᠡᠳᠴᠢᠨ ᠪᠤᠶᠤ ᠰᠡᠳᠬᠢᠯ ᠤᠨ ᠡᠪᠡᠳᠴᠢᠨ ᠭᠡᠨ᠎ᠡ᠃ ᠮᠥᠨ ᠬᠡᠯᠡ ᠪᠢᠴᠢᠭ ᠵᠦᠢ ᠠᠴᠠ ᠬᠠᠷᠠᠭᠠᠯᠠᠵᠤ᠄ ᠠᠨᠳᠠ - ᠠᠨᠳᠠᠢ ᠶᠢᠨ ᠤᠯᠠᠷᠢᠯ ᠢᠶᠠᠷ ᠦᠵᠡᠵᠦ᠂ ᠠᠨᠳᠠ | ᠨᠠᠶᠢᠵᠠ ᠶᠢᠨ ᠤᠴᠢᠷ ᠲᠠᠢ ᠬᠤᠯᠪᠣᠭᠳᠠᠬᠤ ᠡᠪᠡᠳᠴᠢᠨ ᠭᠡᠪᠡ᠃ ᠦᠨᠡᠨ ᠳᠡᠭᠡᠨ ᠪᠡᠷᠭᠡᠨ - ᠪᠡᠷᠭᠡᠢ︔ ᠠᠯᠳᠠ - ᠠᠯᠲᠠᠢ︔ ᠠᠭ᠎ᠠ - ᠠᠭᠠᠢ ᠁ ᠮᠡᠲᠦ ᠶᠢᠨ | ᠬᠡᠯᠡᠨ ᠤ ᠦᠵᠡᠭᠳᠡᠯ ᠢᠶᠠᠷ ᠮᠥᠷᠳᠡᠪᠡᠯ ︽ᠠᠨᠳᠠᠢ︾ ᠨᠢ ᠠᠨᠳᠠ ᠶᠢᠨ ᠤᠯᠪᠠᠷᠢᠯ ᠪᠠᠶᠢᠳᠠᠭ ᠨᠢ ᠵᠦᠢ ᠳᠤ ᠨᠡᠶᠢᠴᠡᠨ᠎ᠡ᠃ ᠣᠶᠢᠷᠠᠳ ᠮᠣᠩᠭᠤᠯ ᠳᠤ᠂ ᠬᠤᠷᠠᠭ᠎ᠠ ᠢᠰᠢᠭᠡ | ᠭᠠᠵᠠᠷ ᠬᠥᠯᠪᠡᠷᠢᠵᠦ ᠲᠦᠷᠪᠡᠨ ᠮᠥᠴᠢ ᠨᠢ ᠲᠠᠲᠠᠯᠳᠤᠨ ᠲᠡᠶᠢᠴᠢᠯᠡᠬᠦ ᠭᠡᠮ ᠢ ︽ᠠᠨᠳᠠᠢ ᠲᠤᠰᠤᠯ᠎ᠠ︾ ᠭᠡᠳᠡᠭ᠃ ᠵᠡᠭᠦᠨ ᠮᠣᠩᠭᠤᠯ ᠳᠤ ᠪᠣᠯ ︽ᠭᠠᠵᠠᠷ ᠤᠨ ᠬᠥᠷᠥᠰᠥ | ᠲᠠᠭᠠᠷᠢᠯᠠ︾ ᠭᠡᠵᠦ ᠬᠡᠯᠡᠬᠦ ᠪᠥᠭᠡᠳ ᠭᠠᠯ ᠲᠠᠯᠪᠢᠵᠤ ᠤᠳᠤᠭ᠎ᠠ ᠦᠨᠦᠷᠲᠦᠭᠦᠯᠵᠦ ᠵᠠᠰᠠᠳᠠᠭ᠃ ᠢᠩᠭᠢᠭᠡᠳ ᠦᠵᠡᠬᠦ ᠳᠤ ᠠᠨᠳᠠᠢ ᠪᠣᠯ ᠡᠪᠡᠳᠴᠢᠨ ᠤ ᠨᠡᠷ᠎ᠡ ᠪᠠᠶᠢᠵᠤ | ᠲᠠᠭᠠᠷᠠᠨ᠎ᠠ᠃ ᠠᠨᠳᠠᠢ ᠶᠢᠨ ᠲᠡᠦᠬᠡᠨ ᠬᠥᠭᠵᠢᠯ᠄ | ᠠᠨᠳᠠᠢ ᠪᠣᠯ ᠮᠣᠩᠭᠤᠯᠴᠤᠳ ᠪᠣᠯᠣᠨ ᠤᠮᠠᠷᠠᠲᠤ ᠶᠢᠨ ᠦᠨᠳᠦᠰᠦᠲᠡᠨ ᠤ ᠤᠵᠠᠭᠤᠷ ᠰᠣᠶᠣᠯ ᠤᠬᠠᠮᠰᠠᠷ ᠤᠨ ᠬᠥᠷᠥᠰᠥᠨ ᠳᠡᠭᠡᠷ᠎ᠡ ᠠᠶᠠᠨᠳᠠᠭᠠᠨ ᠨᠠᠬᠢᠶᠠᠯᠠᠨ | ᠤᠷᠭᠤᠵᠦ ᠭᠠᠷᠤᠭᠰᠠᠨ ᠰᠣᠶᠣᠯ ᠤᠨ ᠦᠵᠡᠭᠳᠡᠯ ᠮᠥᠨ᠃ ᠲᠡᠷᠡ ᠤᠵᠠᠭᠤᠷ ᠢᠷᠭᠡᠳ ᠤᠨ ᠰᠢᠲᠦᠯᠭᠡ ᠪᠢᠰᠢᠷᠡᠯ ᠤᠨ ᠤᠬᠠᠮᠰᠠᠷ᠂ ᠳᠠᠭᠤᠯᠠᠵᠤ ᠳᠡᠪᠰᠡᠬᠦ ᠤᠷᠠᠯᠢᠭ ᠤᠨ | ᠰᠠᠭᠤᠷᠢᠨ ᠳᠤ ᠦᠨᠳᠦᠰᠦᠯᠡᠵᠦ᠂ ᠠᠯᠭᠤᠷ ᠢᠶᠠᠷ ᠪᠡᠶ᠎ᠡ ᠪᠠᠨ ᠳᠠᠭᠠᠭᠠᠭᠰᠠᠨ ᠠᠨᠳᠠᠢ ᠭᠡᠬᠦ ᠬᠡᠯᠪᠡᠷᠢ ᠪᠠᠷ ᠰᠢᠨ᠎ᠡ ᠬᠥᠭᠵᠢᠯ ᠤᠨ ᠵᠠᠮ ᠢᠶᠠᠨ ᠨᠡᠭᠡᠭᠡᠵᠡᠢ᠃ ᠪᠠᠷᠤᠭ 17 | ᠳ᠋ᠤᠭᠠᠷ ᠵᠠᠭᠤᠨ ᠠᠴᠠ ᠢᠨᠠᠭᠰᠢ ᠬᠤᠶᠠᠳᠤᠭᠠᠷ ᠬᠥᠭᠵᠢᠯ ᠤᠨ ᠱᠠᠲᠤᠨ ᠳᠠᠭᠠᠨ ᠳᠠᠪᠰᠢᠨ ᠣᠷᠣᠵᠤ᠂ ᠠᠨᠳᠠᠢ ᠭᠡᠬᠦ ᠲᠤᠰᠬᠠᠢ ᠨᠡᠷ᠎ᠡ ᠪᠤᠶᠤ ᠬᠡᠯᠪᠡᠷᠢ ᠪᠠᠷ ᠣᠷᠣᠰᠢᠨ | ᠲᠣᠭᠲᠠᠨᠢᠵᠤ᠂ ᠭᠤᠣᠯᠳᠠᠭᠤ ᠵᠠᠯᠠᠭᠤ ᠡᠮᠡᠭᠲᠡᠢ ︽ᠥᠬᠢᠳ ᠪᠡᠷᠢᠶᠡᠳ︾ ᠡᠪᠡᠳᠴᠢᠲᠡᠨ ᠤ ᠬᠦᠢᠲᠡᠨ ᠡᠪᠡᠳᠴᠢᠨ ᠪᠤᠶᠤ ᠰᠡᠳᠬᠢᠯ ᠤᠨ ᠡᠪᠡᠳᠴᠢᠨ ᠢ ᠵᠠᠰᠠᠬᠤ ᠪᠠᠷ | ᠣᠨᠴᠠᠯᠢᠭ ᠢᠶᠠᠨ ᠪᠤᠯᠭᠠᠬᠰᠠᠨ ᠤᠯᠠᠨ ᠲᠦᠮᠡᠨᠴᠢ ᠴᠢᠨᠠᠷᠲᠠᠢ ᠳᠠᠭᠤᠤ ᠪᠥᠵᠢᠭ᠂ ᠰᠣᠶᠣᠯ ᠤᠷᠠᠯᠢᠭ ᠪᠣᠯᠵᠤ ᠬᠥᠭᠵᠢᠵᠡᠢ᠃ 1956 ᠣᠨ ᠠᠴᠠ ᠡᠬᠢᠯᠡᠵᠦ ︽ ᠡᠷᠲᠡᠨ ᠤ | ᠬᠢ ᠶᠢ ᠡᠳᠦᠭᠡ ᠳᠤ ᠦᠢᠯᠡᠴᠢᠯᠡᠭᠦᠯᠬᠦ︾ ᠵᠣᠷᠢᠯᠲᠠ ᠠᠴᠠ ᠡᠭᠦᠰᠴᠦ᠂ ᠬᠠᠭᠤᠴᠢᠨ ᠬᠡᠯᠪᠡᠷᠢ ᠪᠣᠯᠣᠨ ᠠᠭᠤᠯᠭ᠎ᠠ ᠳᠤᠨᠢ ᠰᠢᠨ᠎ᠡ ᠵᠠᠰᠠᠯᠲᠠ ᠣᠷᠣᠭᠤᠯᠵᠤ ᠠᠷᠠᠳ ᠤᠨ | ᠳᠠᠭᠤᠤ ᠪᠥᠵᠢᠭ ᠤᠨ ᠤᠷᠠᠯᠢᠭ ᠲᠡᠶᠢᠰᠢ ᠵᠢᠯᠣᠭᠤ ᠶᠢ ᠨᠢ ᠵᠠᠯᠠᠪᠠ᠃ ᠡᠭᠦᠨ ᠢ ᠬᠥᠮᠥᠰ ︽ᠰᠢᠨ᠎ᠡ ᠠᠨᠳᠠᠢ︾ ᠭᠡᠳᠡᠭ᠃ ᠤᠳᠤ ᠰᠢᠨ᠎ᠡ ᠠᠨᠳᠠᠢ ᠬᠥᠭᠵᠢᠭᠡᠳ ᠳᠠᠭᠤᠤ᠂ | ᠪᠥᠵᠢᠭ᠂ ᠰᠢᠯᠦᠭ᠂ ᠲᠤᠭᠤᠵᠢᠰ᠂ ᠵᠦᠴᠦᠭᠡ ᠁ ᠭᠡᠬᠦ ᠮᠡᠲᠦ ᠪᠠᠷ ᠤᠷᠠᠯᠢᠭ ᠤᠨ ᠤᠠᠯᠨ ᠲᠦᠷᠦᠯ ᠵᠦᠢᠯ ᠵᠦᠭ ᠤᠯᠠᠷᠢᠨ ᠬᠥᠭᠵᠢᠵᠦ ᠪᠠᠶᠢᠨ᠎ᠠ᠃ ᠬᠥᠭᠰᠢᠨ | ᠮᠣᠳᠣᠨ ᠠᠴᠠ ᠬᠥᠬᠡ ᠮᠥᠴᠢᠷ ᠰᠢᠬᠦᠷᠯᠡᠭᠰᠡᠨ ᠰᠢᠭ᠂ ᠬᠠᠭᠤᠴᠢᠨ ᠥᠪ ᠰᠣᠶᠣᠯ ᠠᠴᠠ ᠬᠥᠭᠵᠢᠯ ᠤᠨ ᠰᠢᠨ᠎ᠡ ᠠᠮᠢ ᠲᠥᠯᠵᠢᠵᠦ ᠮᠣᠩᠭᠤᠯ ᠰᠣᠶᠣᠯ ᠤᠨ ᠮᠥᠩᠬᠡ | ᠱᠠᠩᠰᠢ ᠪᠣᠯᠣᠯ᠎ᠠ᠃ |