ᠪᠦᠭᠡ ᠪᠠᠷᠢᠯᠳᠤᠬᠤ ᠪᠣᠯ ᠮᠣᠩᠭᠤᠯ ᠦᠨᠳᠦᠰᠦᠲᠡᠨ ᠤ ᠡᠷᠲᠡᠨ ᠠᠴᠠ ᠤᠯᠠᠮᠵᠢᠯᠠᠵᠤ ᠢᠷᠡᠭᠰᠡᠨ ᠡᠷ᠎ᠡ ᠶᠢᠨ ᠭᠤᠷᠪᠠᠨ ᠨᠠᠭᠠᠳᠤᠮ ᠤᠨ ᠲᠦᠷᠦᠭᠦᠦ ᠨᠠᠭᠠᠳᠤᠮ | ᠶᠤᠮ᠃ ᠮᠣᠩᠭᠤᠯᠴᠤᠳ ᠣᠷᠣᠨ ᠨᠤᠲᠤᠭ᠂ ᠪᠠᠶᠢᠭᠠᠯᠢ ᠣᠷᠴᠢᠨ ᠠᠴᠠ ᠪᠣᠯᠵᠤ᠂ ᠡᠷᠲᠡ ᠢᠵᠠᠭᠤᠷ ᠠᠴᠠ ᠪᠠᠨ ᠮᠠᠯ ᠠᠵᠤ ᠠᠬᠤᠢ ᠪᠠᠷ ᠭᠤᠣᠯᠯᠠᠨ᠂ ᠠᠩ ᠬᠦᠷᠦᠭᠡ ᠬᠢᠬᠦ | ᠪᠣᠯ ᠲᠡᠳᠠᠨᠤᠰ ᠤᠨ ᠡᠳᠦᠷ ᠲᠤᠳᠤᠮ ᠤᠨ ᠠᠮᠢᠳᠤᠷᠠᠯ ᠤᠨ ᠴᠢᠬᠤᠯᠠ ᠠᠭᠤᠯᠭ᠎ᠠ ᠪᠠ ᠬᠥᠳᠡᠯᠭᠡᠭᠡᠨ ᠪᠣᠯᠵᠤ ᠪᠠᠶᠢᠵᠠᠢ᠃ ᠡᠶᠢᠮᠦ ᠠᠴᠠ ᠲᠤᠬᠠᠢ ᠶᠢᠨ ᠦᠶ᠎ᠡ ᠳᠤ | ᠬᠥᠮᠥᠰ ᠤᠨ ᠪᠢᠷ᠎ᠠ ᠴᠢᠳᠠᠯ᠂ ᠬᠦᠴᠦᠨ ᠲᠡᠩᠬᠡᠭᠡ᠂ ᠠᠷᠭ᠎ᠠ ᠮᠡᠭᠡ ᠶᠢ ᠶᠡᠭᠡ ᠴᠢᠬᠤᠯᠴᠢᠯᠠᠨ ᠱᠠᠭᠠᠷᠳᠠᠳᠠᠭ ᠪᠣᠯᠤᠭᠰᠠᠨ ᠳᠤ ᠬᠥᠮᠥᠰ ᠥᠪᠡᠷ ᠤᠨ ᠬᠦᠴᠦᠨ ᠴᠢᠳᠠᠯ᠂ | ᠠᠪᠬᠠᠯᠵᠢ ᠰᠠᠮᠪᠠᠭ᠎ᠠ ᠪᠠᠨ ᠳᠡᠭᠡᠭᠰᠢᠯᠡᠭᠦᠯᠦᠨ ᠰᠠᠶᠢᠵᠢᠷᠠᠭᠤᠯᠬᠤ ᠵᠣᠷᠢᠯᠭ᠎ᠠ ᠪᠠᠷ ᠪᠠᠷᠢᠯᠳᠤᠭᠠᠨ ᠳᠤ ᠤᠷᠤᠯᠴᠠᠵᠦ᠂ ᠪᠦᠭᠡ ᠶᠢᠨ ᠪᠠᠷᠢᠯᠳᠤᠭᠠᠨ ᠤ ᠬᠥᠭᠵᠢᠯᠲᠡ ᠶᠢ | ᠠᠬᠢᠭᠤᠯᠵᠤ ᠢᠷᠡᠵᠡᠢ᠃ 13 ᠳ᠋ᠤᠭᠠᠷ ᠵᠠᠭᠤᠨ ᠪᠤᠯᠬᠤ ᠳᠤ ᠮᠣᠩᠭᠤᠯ ᠣᠷᠣᠨ ᠤ ᠠᠳᠤᠭᠤ ᠮᠠᠯ ᠨᠡᠮᠡᠭᠳᠡᠵᠦ᠂ ᠨᠤᠲᠤᠭ ᠪᠡᠯᠴᠢᠭᠡᠷ ᠪᠤᠯᠢᠶᠠᠯᠳᠤᠬᠤ᠂ ᠮᠠᠯ ᠰᠦᠷᠦᠭ ᠢ ᠨᠢ | ᠪᠤᠯᠢᠶᠠᠵᠤ᠂ ᠬᠠᠷᠢᠯᠴᠠᠨ ᠳᠣᠪᠲᠣᠯᠵᠤ᠂ ᠠᠷᠠᠳ ᠢᠷᠭᠡᠳ ᠢ ᠨᠢ ᠣᠯᠵᠠᠯᠠᠬᠤ ᠲᠠᠶᠢᠨ ᠡᠭᠦᠰᠦᠭᠰᠡᠨ ᠠᠴᠠ ᠬᠡᠲᠦ ᠬᠡᠳᠦᠨ ᠣᠪᠣᠭ ᠨᠡᠶᠢᠯᠡᠵᠦ ᠠᠶᠢᠮᠠᠭ ᠤᠨ ᠬᠤᠯᠪᠤᠭ᠎ᠠ | ᠪᠠᠶᠢᠭᠤᠯᠪᠠ᠃ | ᠡᠲᠡᠭᠡᠷ ᠠᠶᠢᠮᠠᠭ ᠤᠨ ᠬᠤᠯᠪᠤᠭ᠎ᠠ ᠨᠢ ᠨᠤᠲᠤᠭ ᠤᠰᠤ᠂ ᠠᠷᠠᠳ ᠢᠷᠭᠡᠨ᠂ ᠠᠳᠤᠭᠤ ᠮᠠᠯ ᠢᠶᠠᠨ ᠬᠠᠮᠠᠭᠠᠯᠠᠬᠤ ᠪᠠᠷ ᠡᠷ᠎ᠡ ᠶᠢᠨ ᠰᠠᠶᠢᠨ ᠢ ᠰᠣᠩᠭᠤᠨ ᠬᠦᠴᠦ | ᠴᠢᠳᠠᠯ ᠢ ᠰᠤᠷᠬᠤ ᠰᠣᠷᠢᠯᠲᠠ ᠨᠠᠭᠠᠳᠤᠮ ᠢ ᠡᠷᠬᠢᠯᠡᠵᠦ᠂ ᠮᠣᠩᠭᠤᠯ ᠤᠨ ᠨᠡᠶᠢᠭᠡᠮ ᠤᠨ ᠪᠦᠭᠡ ᠶᠢᠨ ᠪᠠᠷᠢᠯᠳᠤᠭᠠᠨ ᠢ ᠤᠯᠠᠮ ᠴᠢᠨᠠᠭᠰᠢᠳᠠ ᠠᠬᠢᠭᠤᠯᠤᠨ ᠬᠥᠭᠵᠢᠭᠦᠯᠵᠡᠢ᠂ | ᠮᠣᠩᠭᠤᠯ ᠪᠦᠭᠡ ᠶᠢᠨ ᠪᠠᠷᠢᠯᠳᠤᠭᠠᠨ ᠤ ᠶᠣᠰᠣᠨ ᠳᠤ ᠪᠦᠭᠡ ᠣᠨᠣᠭᠠᠬᠤ᠂ ᠪᠦᠭᠡ ᠵᠣᠳᠣᠭᠯᠠᠬᠤ᠂ ᠪᠦᠭᠡ ᠴᠣᠯᠠᠯᠠᠬᠤ᠂ ᠪᠦᠭᠡ ᠲᠠᠯᠪᠢᠬᠤ᠂ ᠳᠡᠪᠢᠬᠦ ᠪᠤᠶᠤ ᠮᠠᠭᠰᠢᠬᠤ ᠂ | ᠦᠷᠦᠬᠦ᠂ ᠪᠠᠷᠢᠵᠡ ᠠᠪᠬᠤ᠂ ᠪᠠᠷᠢᠯᠳᠤᠵᠤ ᠳᠠᠪᠠᠭᠤ᠂ ᠲᠠᠬᠢᠮ ᠠᠪᠬᠤ᠂ ᠲᠤᠭ ᠲᠣᠭᠤᠷᠢᠬᠤ᠂ ᠣᠷᠣᠬᠤ᠂ ᠡᠮᠦᠰᠬᠡᠯ ᠲᠠᠶᠢᠯᠬᠤ᠂ ᠱᠠᠩᠨᠠᠬᠤ ᠮᠡᠲᠦ ᠶᠢᠨ ᠠᠭᠤᠯᠭ᠎ᠠ ᠪᠠᠶᠢᠳᠠᠭ | ᠪᠥᠭᠡᠳ ᠡᠲᠡᠭᠡᠷ ᠶᠣᠰᠣ ᠨᠢ ᠴᠠᠭ ᠦᠶ᠎ᠡ ᠪᠠ ᠭᠠᠵᠠᠷ ᠣᠷᠣᠨ ᠤ ᠢᠯᠭᠠᠭ᠎ᠠ ᠲᠠᠢ ᠪᠠᠶᠢᠳᠠᠭ᠃ ᠥᠪᠥᠷ ᠮᠣᠩᠭᠤᠯ ᠤᠨ ᠡᠷᠲᠡᠨ ᠤ ᠪᠦᠬᠡ ᠶᠢᠨ ᠪᠠᠷᠢᠯᠳᠤᠭᠠᠨ ᠤ | ᠪᠦᠲᠦᠴᠡ ᠳᠤ ᠪᠦᠬᠡ ᠣᠨᠣᠭᠠᠬᠤ᠂ ᠨᠠᠶᠢᠷ ᠰᠡᠷᠭᠦᠭᠡᠬᠦ᠂ ᠪᠦᠭᠡ ᠲᠠᠯᠪᠢᠬᠤ ︵ᠪᠦᠭᠡ ᠭᠠᠷᠭᠠᠬᠤ᠂ ᠬᠠᠯᠬ᠎ᠠ ᠳᠤ ᠭᠠᠷᠤᠯᠲᠠ ᠭᠡᠲᠡᠭ︶᠂ ᠪᠦᠬᠡ ᠶᠢᠨ ᠳᠡᠪᠢᠯᠲᠡ ᠪᠤᠶᠤ | ᠮᠠᠭᠰᠢᠯᠲᠠ᠂ ᠪᠠᠷᠢᠯᠳᠤᠬᠤ᠂ ᠪᠦᠬᠡ ᠪᠠᠭᠤᠬᠤ ︵ᠲᠠᠯᠠᠪᠤᠷ ᠠᠴᠠ ᠪᠠᠭᠤᠬᠤ᠂ ᠬᠠᠯᠬ᠎ᠠ ᠳᠤ ᠦᠷᠦᠯᠲᠡ ᠬᠡᠲᠡᠭ︶᠂ ᠱᠠᠩᠨᠠᠬᠤ ᠵᠡᠷᠭᠡ ᠶᠣᠰᠣᠨ ᠪᠠᠶᠢᠳᠠᠭ᠃ | ᠪᠦᠬᠡ ᠣᠨᠣᠭᠠᠬᠤ᠃ ᠡᠷᠲᠡ ᠢᠵᠠᠭᠤᠷ ᠲᠤ ᠪᠠᠷᠢᠯᠳᠤᠭᠠᠨ ᠳᠤ ᠣᠷᠤᠯᠴᠠᠬᠤ ᠪᠦᠭᠡ ᠶᠢᠨ ᠲᠤᠭ᠎ᠠ 64 ᠠᠴᠠ 1024 ᠬᠦᠷᠲᠡᠯᠡᠬᠢ 2 ᠤᠨ ᠵᠡᠷᠭᠡᠲᠦ | ᠲᠤᠭ᠎ᠠ ᠶᠢ ᠦᠨᠳᠦᠰᠦᠯᠡᠵᠦ᠂ ᠲᠡᠩᠴᠡᠭᠦᠦ ᠪᠠᠷ ᠬᠤᠶᠠᠷ ᠲᠡᠰᠢ ᠬᠤᠪᠢᠶᠠᠨ ᠶᠡᠬᠡᠴᠦᠳ ᠤᠨ ᠠᠰᠠᠷ ᠪᠤᠶᠤ ᠮᠠᠶᠢᠬᠠᠨ ᠤ ᠬᠤᠶᠠᠷ ᠲᠠᠯ᠎ᠠ ᠳᠤ ᠵᠢᠭᠦᠷᠯᠡᠨ ᠵᠢᠭᠰᠠᠭᠠᠳᠠᠭ᠃ | ᠭᠡᠬᠦ ᠳᠡᠭᠡᠨ ᠲᠠᠯ᠎ᠠ ᠪᠦᠷᠢ ᠶᠢᠨ ᠳᠡᠭᠡᠳᠦ ᠲᠠᠯ᠎ᠠ ᠳᠤ ᠨᠡᠷ᠎ᠡ ᠲᠦᠷᠦ ᠰᠠᠶᠢᠨ ᠪᠦᠭᠡ ︵ᠢᠳᠡᠰᠢ ᠠᠪᠬᠤ ᠪᠦᠭᠡ᠂ ᠬᠠᠯᠬ᠎ᠠ ᠳᠤ ᠪᠤᠰᠬᠠᠯᠲᠠ ᠭᠡᠲᠡᠭ︶ ᠶᠢ ᠥᠩᠭᠡᠷᠡᠭᠰᠡᠨ | ᠵᠢᠯ ᠤᠳ ᠤᠨ ᠬᠢᠷᠢ ᠪᠦᠲᠦᠮᠵᠢ ᠶᠢᠨ ᠡᠷᠡᠮᠪᠡ ᠪᠠᠷ ᠲᠣᠬᠢᠷᠠᠭᠤᠯᠵᠤ᠂ ᠳᠣᠣᠷᠠᠳᠤ ᠲᠠᠯ᠎ᠠ ᠳᠤ ᠲᠦᠷᠪᠡᠨ ᠰᠢᠨ᠎ᠡ ᠪᠦᠭᠡ ᠪᠤᠶᠤ ᠪᠠᠷᠢᠯᠳᠤᠭᠠᠨ ᠳᠠᠭᠠᠨ ᠪᠠᠷᠤᠭᠲᠠᠢ ᠲᠦᠷᠪᠡᠨ | ᠪᠦᠭᠡ ︵ᠢᠳᠡᠰᠢᠨ ᠳᠤ ᠣᠴᠢᠬᠤ ᠪᠦᠭᠡ︶ ᠶᠢ ᠲᠣᠬᠢᠷᠠᠭᠤᠯᠵᠤ᠂ ᠪᠤᠰᠤᠳ ᠢ ᠨᠢ ᠪᠠᠷᠢᠯᠳᠤᠬᠤ ᠰᠠᠶᠢᠨ ᠮᠠᠭᠤ ᠪᠠᠷ ᠲᠡᠰ ᠳᠠᠷᠠᠭᠠᠯᠠᠨ ᠵᠢᠭᠰᠠᠭᠠᠵᠤ ᠣᠨᠣᠭᠠᠳᠠᠭ᠃ | ᠨᠠᠶᠢᠷ ᠰᠡᠷᠭᠦᠭᠡᠬᠦ᠃ ᠡᠷᠲᠡ ᠳᠤ ᠪᠠᠷᠢᠯᠳᠤᠭᠠᠨ ᠡᠬᠢᠯᠡᠬᠦ ᠠᠴᠠ ᠡᠮᠦᠨ᠎ᠡ ᠨᠡᠷ᠎ᠡ ᠲᠦᠷᠦ ᠲᠠᠢ ᠲᠠᠷᠬᠠᠯᠠᠭᠳᠠᠭᠰᠡᠨ ᠪᠦᠭᠡ ᠶᠢ ᠲᠠᠯᠠᠪᠤᠷ ᠲᠤ ᠤᠷᠢᠵᠤ᠂ ᠬᠡᠢ | ᠲᠠᠪᠢᠭᠦᠯᠦᠨ ᠶᠣᠰᠣᠯᠠᠭᠤᠯᠤᠭᠠᠳ ᠱᠠᠩ ᠬᠡᠰᠢᠭ ᠭᠠᠷᠳᠠᠭᠤᠯᠤᠨ ᠨᠠᠶᠢᠷ ᠰᠡᠷᠭᠦᠭᠡᠬᠦ ᠵᠠᠩᠰᠢᠯ ᠲᠠᠢ ᠪᠠᠶᠢᠵᠠᠢ᠃ | ᠪᠦᠭᠡ ᠲᠠᠯᠪᠢᠬᠤ᠃ ᠡᠭᠦᠨ ᠢ ᠪᠠᠰᠠ ᠪᠦᠭᠡ ᠭᠠᠷᠭᠠᠬᠤ ᠬᠡᠲᠡᠭ᠃ ᠪᠦᠭᠡ ᠲᠠᠯᠪᠢᠬᠤ ᠠᠴᠠ ᠡᠮᠦᠨ᠎ᠡ ᠪᠦᠭᠡ ᠵᠠᠰᠠᠭᠴᠢ ᠶᠢᠨ ᠠᠵᠢᠯ ᠪᠠ ᠪᠦᠭᠡ ᠵᠣᠳᠣᠭᠯᠠᠬᠤ | ᠶᠪᠤᠳᠠᠯ ᠪᠤᠢ᠃ ᠡᠭᠦᠨ ᠳᠤ ᠪᠦᠭᠡ ᠵᠠᠰᠠᠭᠴᠢ ᠶᠢᠨ ᠠᠵᠢᠯ ᠲᠤᠩ ᠴᠢᠬᠤᠯᠠ ᠪᠠᠶᠢᠳᠠᠭ᠃ ᠪᠦᠭᠡ ᠵᠠᠰᠠᠭᠴᠢ ᠪᠣᠯ ᠨᠠᠶᠢᠷ ᠤᠨ ᠪᠦᠭᠡ ᠶᠢᠨ ᠨᠤᠭᠤᠯᠤᠭ᠎ᠠ ᠪᠠᠷᠢᠯᠳᠤᠭᠠᠨ ᠢ | ᠵᠣᠬᠢᠶᠠᠨ ᠪᠠᠶᠢᠭᠤᠯᠤᠭᠴᠢ ᠪᠤᠯᠬᠤ ᠪᠥᠭᠡᠳ ᠵᠠᠷᠢᠮ ᠨᠢ ᠪᠦᠭᠡ ᠶᠢᠨ ᠬᠢᠨᠠᠭᠴᠢ ᠶᠢᠨ ᠠᠵᠢᠯ ᠢ ᠬᠠᠪᠰᠤᠷᠭᠠᠨ ᠭᠦᠢᠴᠡᠳᠬᠡᠳᠡᠭ᠃ ᠪᠦᠭᠡ ᠵᠠᠰᠠᠭᠴᠢ ᠶᠢᠨ ᠠᠵᠢᠯ ᠤᠨ | ᠰᠠᠶᠢᠨ ᠮᠠᠭᠤ ᠨᠢ ᠨᠠᠶᠢᠷ ᠤᠨ ᠪᠠᠷᠢᠯᠳᠤᠭᠠᠨ ᠤ ᠠᠮᠵᠢᠯᠲᠠ ᠲᠠᠢ ᠶᠠᠪᠤᠭᠳᠠᠬᠤ ᠶᠢ ᠰᠢᠭᠤᠳ ᠨᠥᠯᠥᠭᠡᠯᠡᠳᠡᠭ᠃ ᠡᠶᠢᠮᠦ ᠠᠴᠠ ᠵᠡᠭᠦᠨ ᠪᠠᠷᠠᠭᠤᠨ ᠬᠤᠶᠠᠷ ᠲᠠᠯ᠎ᠠ ᠳᠤ ᠲᠤᠰ | ᠲᠤᠰ ᠭᠡᠲᠦ ᠬᠡᠳᠦᠨ ᠪᠦᠭᠡ ᠵᠠᠰᠠᠭᠴᠢ ᠪᠠᠶᠢᠳᠠᠭ᠃ ᠪᠦᠭᠡ ᠵᠠᠰᠠᠭᠴᠢ ᠶᠢᠨ ᠪᠠᠰᠠ ᠨᠢᠭᠡ ᠴᠢᠬᠤᠯᠠ ᠡᠭᠦᠷᠭᠡ ᠪᠣᠯ ᠨᠦᠭᠦᠭᠡ ᠲᠠᠯ᠎ᠠ ᠶᠢᠨ ᠪᠥᠬᠡᠴᠦᠳ ᠤᠨ ᠪᠠᠶᠢᠳᠠᠯ ᠢ | ᠰᠠᠶᠢᠲᠤᠷ ᠣᠶᠢᠯᠠᠭᠠᠭᠰᠠᠨ ᠰᠠᠭᠤᠷᠢᠨ ᠳᠡᠭᠡᠷ᠎ᠡ ᠥᠪᠡᠷ ᠤᠨ ᠲᠠᠯ᠎ᠠ ᠶᠢᠨ ᠪᠥᠬᠡᠴᠦᠳ ᠤᠨ ᠢᠶᠠᠨ ᠪᠠᠶᠢᠳᠠᠯ ᠢ ᠦᠨᠳᠦᠰᠦᠯᠡᠵᠦ᠂ ᠨᠦᠬᠦᠭᠡ ᠭᠠᠷ ᠤᠨ ᠪᠥᠬᠡᠴᠦᠳ ᠢ | ᠬᠠᠶᠠᠵᠤ ᠲᠠᠶᠢᠯᠭᠦ ᠪᠠᠷ ᠵᠠᠰᠠᠵᠤ ᠲᠣᠬᠢᠷᠠᠭᠤᠯᠳᠠᠭ᠃ ᠭᠡᠬᠦ ᠳᠡᠭᠡᠨ ᠪᠦᠭᠡ ᠶᠢᠨ ᠭᠠᠢ ᠶᠢ ᠵᠠᠪᠠᠯ ᠰᠠᠶᠢᠲᠤᠷ ᠬᠡᠷᠡᠭᠯᠡᠵᠦ ᠴᠢᠳᠠᠬᠤ ᠬᠡᠷᠡᠭᠲᠡᠢ᠃ ᠪᠦᠭᠡ ᠶᠢᠨ ᠭᠠᠢ ᠭᠡᠲᠡᠭ ᠨᠢ | ᠪᠠᠷᠢᠯᠳᠤᠭᠠᠨ ᠳᠤ ᠬᠢᠯᠪᠠᠷᠬᠠᠨ ᠣᠶᠢᠴᠢᠳᠠᠭ ᠦᠭᠡᠢ ᠮᠥᠷᠲᠡᠭᠡᠨ ᠡᠪ ᠲᠠᠭᠠᠷᠠᠪᠡᠯ ᠪᠠᠰᠠ ᠨᠡᠯᠢᠶᠡᠳ ᠨᠡᠷ᠎ᠡ ᠲᠦᠷᠦ ᠲᠠᠢ ᠪᠦᠭᠡ ᠶᠢ ᠭᠡᠨᠡᠳᠡᠭᠦᠯᠦᠨ ᠬᠠᠶᠠᠴᠢᠬᠠᠳᠠᠭ | ᠪᠦᠭᠡ ᠶᠢ ᠬᠡᠯᠡᠨ᠎ᠡ᠃ ᠭᠡᠪᠡᠴᠦ ᠡᠶᠢᠮᠦ ᠪᠦᠭᠡ ᠣᠯᠠᠩᠬᠢ ᠳᠠᠭᠠᠨ ᠨᠠᠶᠢᠷ ᠨᠠᠭᠠᠳᠤᠮ ᠳᠤ ᠳᠡᠭᠡᠷ᠎ᠡ ᠦᠯᠡᠳᠡᠳᠡᠭ ᠦᠭᠡᠢ ᠪᠣᠯᠬᠤᠷ ᠪᠦᠭᠡ ᠵᠠᠰᠠᠭᠴᠢ ᠨᠦᠭᠦᠭᠡ ᠭᠠᠷ ᠤᠨ | ᠰᠢᠯᠢᠳᠡᠭ ᠪᠦᠭᠡ ᠳᠤ ᠵᠣᠷᠢᠭᠤᠳᠠ ᠪᠦᠭᠡ ᠶᠢᠨ ᠭᠠᠢ ᠶᠢ ᠲᠠᠭᠠᠷᠠᠭᠤᠯᠵᠦ᠂ ᠤᠴᠠᠷᠠᠭ᠎ᠠ ᠪᠠᠨ ᠬᠠᠶᠠᠵᠤ ᠲᠠᠶᠢᠯᠬᠦ ᠦᠭᠡᠢ ᠪᠤᠯᠪᠠᠴᠦ ᠤᠳᠠᠲᠠᠯ᠎ᠠ ᠵᠢᠭᠤᠷᠠᠯᠳᠤᠨ | ᠨᠣᠴᠣᠯᠳᠤᠭᠤᠯᠵᠤ ᠬᠦᠴᠦ ᠲᠡᠩᠬᠡᠭᠡ ᠶᠢ ᠨᠢ ᠮᠣᠬᠤᠭᠤᠭᠠᠳ ᠲᠠᠷᠠᠭᠠᠴᠢ ᠶᠢᠨ ᠨᠤᠭᠤᠯᠤᠭᠠᠨ ᠳᠤ ᠤᠴᠠᠷᠠᠬᠤ ᠪᠦᠭᠡ ᠳᠡᠭᠡᠨ ᠰᠠᠭᠤᠷᠢ ᠲᠠᠯᠪᠢᠵᠤ ᠦᠭᠲᠡᠭ᠃ | ᠪᠦᠭᠡ ᠵᠣᠳᠣᠭᠯᠠᠬᠤ᠃ ᠳᠡᠭᠡᠭᠦᠷ ᠵᠣᠭᠰᠣᠯᠲᠠ ᠲᠠᠢ ᠰᠠᠶᠢᠨ ᠪᠦᠭᠡ ᠶᠢᠨ ᠭᠠᠷᠤᠭ᠎ᠠ ᠳᠤ ᠲᠤᠰᠬᠠᠢ ᠶᠣᠰᠣ ᠳᠦᠷᠢᠮ ᠲᠠᠢ ᠪᠠᠶᠢᠳᠠᠭ᠃ ᠲᠡᠳᠡ ᠥᠮᠥᠳᠦ | ᠲᠤᠬᠤᠤ ᠪᠠᠨ ᠡᠮᠦᠰᠴᠦ᠂ ᠴᠢᠬᠢᠭᠡ ᠪᠠᠨ ᠲᠦᠷᠡᠢ ᠳᠤ ᠪᠠᠨ ᠴᠢᠬᠢᠵᠦ᠂ ᠭᠤᠳᠤᠯ ᠢᠶᠠᠨ ᠬᠦᠯᠢᠵᠦ ᠪᠣᠭᠤᠭᠠᠳ ᠲᠡᠪᠡᠯ ᠢᠶᠠᠨ ᠨᠥᠮᠥᠷᠴᠦ᠂ ᠵᠣᠳᠤᠭ ᠢᠶᠠᠨ ᠡᠪᠦᠷ | ᠳᠡᠭᠡᠷ᠎ᠡ ᠪᠠᠨ ᠲᠠᠯᠪᠢᠵᠤ᠂ ᠤᠨᠤᠭ᠎ᠠ ᠪᠠᠨ ᠬᠦᠯᠢᠶᠡᠵᠦ ᠰᠠᠭᠤᠳᠠᠭ᠃ ᠪᠦᠭᠡ ᠵᠠᠰᠠᠭᠴᠢ ᠠᠴᠠ ᠤᠨᠤᠭ᠎ᠠ ᠶᠢᠨ ᠲᠡᠰ ᠳᠠᠷᠠᠭᠠᠯᠠᠯ ᠢ ᠤᠩᠰᠢᠵᠤ᠂ ᠬᠡᠨ ᠤ ᠭᠠᠷᠤᠭ᠎ᠠ | ᠪᠣᠯᠣᠮᠠᠭᠴᠠ ᠬᠡᠨ ᠵᠣᠳᠤᠭ ᠢᠶᠠᠨ ᠠᠪᠴᠤ ᠪᠣᠰᠣᠨ ᠵᠣᠭᠰᠣᠭᠠᠳ ᠤᠷᠤᠭᠰᠢ ᠭᠡᠲᠦ ᠠᠯᠬᠤᠬᠤ ᠵᠠᠭᠤᠷ᠎ᠠ ᠪᠠᠨ ᠵᠣᠳᠤᠭ ᠤᠨ ᠢᠶᠠᠨ ᠬᠤᠶᠠᠷ ᠬᠠᠨᠴᠤᠢ ᠶᠢ ᠭᠠᠳᠠᠭᠰᠢ | ᠬᠠᠨᠳᠤᠭᠤᠯᠤᠨ ᠳᠡᠭᠡᠭᠰᠢ ᠬᠦᠴᠦᠲᠡᠢ ᠲᠠᠯᠠᠨ ᠬᠤᠶᠠᠷ ᠡᠪᠦᠳᠦᠭ ᠢᠶᠠᠨ ᠨᠢᠭᠡ ᠨᠢᠭᠡ ᠪᠠᠷ ᠡᠭᠡᠯᠵᠢᠯᠡᠨ ᠬᠦᠴᠦᠲᠡᠶᠢᠬᠡᠨ ᠰᠢᠪᠬᠠᠳᠠᠭᠠᠳ ᠪᠠᠷᠢᠭ᠍ᠰᠡᠨ ᠬᠡᠪ ᠢᠶᠠᠷ ᠢᠶᠠᠨ | ᠲᠣᠯᠣᠭᠠᠢ ᠳᠡᠭᠡᠭᠦᠷ ᠢᠶᠠᠨ ᠡᠷᠭᠦᠵᠦ ᠵᠣᠳᠣᠭᠯᠠᠳᠠᠭ᠃ ᠵᠣᠳᠣᠭᠯᠠᠭᠰᠠᠨ ᠪᠦᠭᠡ ᠪᠦᠰᠡ᠂ ᠲᠡᠪᠡᠯ ᠢᠶᠠᠨ ᠠᠬᠠᠮᠠᠳ ᠪᠦᠭᠡ᠂ ᠳᠣᠲᠣᠨᠣ ᠬᠥᠮᠥᠨ ᠳᠡᠭᠡᠨ ᠲᠤᠰᠢᠶᠠᠨ ᠦᠭᠲᠡᠭ᠃ | ᠪᠦᠭᠡ ᠵᠠᠰᠠᠭᠴᠢ ᠠᠴᠠ ︽ᠪᠦᠭᠡ ᠪᠠᠨ ᠲᠠᠯᠪᠢᠭᠲᠤᠨ︕︾ ᠭᠡᠵᠦ ᠵᠠᠷᠯᠠᠮᠠᠭᠴᠠ ᠠᠷᠤ ᠲᠠᠯ᠎ᠠ ᠠᠴᠠ ᠪᠦᠭᠡ ᠳᠤ ᠠᠪᠢᠶᠠᠰᠤᠲᠠᠢ ᠪᠥᠭᠡᠳ ᠪᠠᠭᠰᠢᠯᠠᠬᠤ ᠮᠠᠶ᠋ᠢᠭ ᠤᠨ | ᠬᠤᠶᠠᠷ ᠬᠥᠮᠥᠨ ᠢᠳᠡᠪᠬᠢᠲᠡᠢ ᠭᠠᠷᠴᠤ ᠢᠷᠡᠭᠡᠳ ᠭᠠᠷᠬᠤ ᠪᠦᠭᠡ ᠶᠢᠨ ᠬᠤᠶᠠᠷ ᠲᠠᠯ᠎ᠠ ᠪᠠᠷ ᠲᠤᠯᠭᠠᠭᠤᠷᠢ ᠪᠣᠯᠣᠨ ᠵᠤᠭᠰᠤᠬᠤ ᠳᠤ ᠭᠠᠷᠬᠤ ᠪᠦᠭᠡ ᠬᠤᠶᠠᠷ | ᠭᠠᠷ ᠢᠶᠠᠷ ᠢᠶᠠᠨ ᠬᠤᠶᠠᠷ ᠲᠠᠯ᠎ᠠ ᠶᠢᠨ ᠬᠥᠮᠥᠨ ᠤ ᠮᠥᠷᠥ ᠳᠡᠭᠡᠷ᠎ᠡ ᠲᠠᠯᠪᠢᠨ᠎ᠠ᠃ ᠡᠨᠡ ᠦᠶ᠎ᠡ ᠳᠤ ᠬᠤᠶᠠᠷ ᠲᠠᠯ᠎ᠠ ᠶᠢᠨ ᠬᠥᠮᠥᠨ ᠨᠦᠬᠦᠭᠡ ᠡᠲᠡᠭᠡᠳ ᠠᠴᠠ ᠭᠠᠷᠬᠤ | ᠪᠦᠭᠡ ᠶᠢᠨ ᠪᠠᠶᠢᠳᠠᠯ ᠢ ᠲᠠᠨᠢᠯᠴᠠᠭᠤᠯᠬᠤ ᠶᠢᠨ ᠬᠠᠮᠲᠤ ᠪᠠᠷᠢᠯᠳᠤᠬᠤ ᠠᠷᠭ᠎ᠠ ᠮᠡᠭᠡ ᠶᠢ ᠵᠢᠭᠠᠨ ᠰᠤᠷᠭᠠᠳᠠᠭ᠃ ︽ᠪᠦᠭᠡ ᠪᠠᠨ ᠲᠠᠯᠪᠢ᠂ ᠲᠠᠯᠪᠢ᠂ ᠲᠠᠯᠪᠢ︕︾ ᠭᠡᠬᠦ | ᠤᠷᠢᠶ᠎ᠠ ᠲᠠᠭᠤᠨ ᠭᠠᠷᠤᠩᠭᠤᠲᠠ ᠭᠠᠷᠬᠤ ᠭᠡᠵᠦ ᠲᠡᠰᠴᠦ ᠶᠠᠳᠠᠨ ᠭᠥᠯᠢᠶᠡᠨ ᠪᠠᠶᠢᠭ᠎ᠠ ᠪᠦᠭᠡ ᠬᠤᠶᠠᠷ ᠲᠠᠯ᠎ᠠ ᠶᠢᠨ ᠬᠥᠮᠥᠨ ᠤ ᠮᠥᠷᠥ ᠶᠢ ᠲᠤᠯᠵᠤ᠂ ᠣᠷᠣᠨ ᠳᠠᠭᠠᠨ | ᠭᠤᠷᠪᠠᠨᠲᠠ ᠦᠰᠦᠷᠴᠦ ᠬᠦᠴᠦᠯᠡᠨ ᠳᠡᠪᠰᠡᠭᠡᠳ ᠬᠤᠷᠢᠭᠤᠯ ᠠᠴᠠ ᠭᠠᠷᠤᠭᠰᠠᠨ ᠠᠷᠰᠯᠠᠨ ᠪᠠᠷᠰ ᠰᠢᠭ ᠮᠠᠭᠰᠢᠬᠤ ᠪᠤᠶᠤ ᠬᠠᠷᠴᠠᠭᠠᠢ ᠪᠦᠷᠭᠦᠳ ᠮᠡᠲᠦ ᠲᠠᠪᠢᠵᠦ | ᠭᠠᠷᠲᠠᠭ᠃ | ᠲᠠᠪᠢᠵᠦ ᠮᠠᠭᠰᠢᠬᠤ᠃ ᠪᠥᠬᠡᠴᠦᠳ ᠪᠠᠷᠢᠯᠳᠤᠬᠤ ᠳᠤ ᠲᠠᠯᠠᠪᠤᠷ ᠲᠤ ᠭᠠᠷᠬᠤ ᠪᠠ ᠪᠠᠷᠢᠯᠳᠤᠭᠠᠨ ᠲᠡᠭᠦᠰᠴᠦ ᠲᠠᠯᠠᠪᠤᠷ ᠠᠴᠠ ᠪᠠᠭᠤᠬᠤ ᠳᠠᠭᠠᠨ ᠴᠥᠮ ᠲᠡᠪᠢᠵᠦ | ᠮᠠᠭᠰᠢᠳᠠᠭ᠃ ᠲᠡᠪᠢᠵᠦ ᠮᠠᠭᠰᠢᠬᠤ ᠨᠢ ᠪᠥᠬᠡᠴᠦᠳ ᠰᠦᠷ ᠵᠢᠪᠬᠤᠭ᠎ᠠ᠂ ᠬᠦᠴᠦᠨ ᠴᠢᠳᠠᠯ ᠢᠶᠠᠨ ᠭᠠᠶᠢᠬᠠᠭᠤᠯᠤᠨ ᠤᠴᠠᠷᠠᠭ᠎ᠠ ᠪᠠᠨ ᠰᠦᠷᠳᠡᠭᠦᠯᠬᠦ ᠶᠢᠨ ᠬᠠᠮᠲᠤ | ᠴᠢᠯᠡᠭᠡ ᠪᠠᠨ ᠭᠠᠷᠭᠠᠵᠤ᠂ ᠪᠡᠶ᠎ᠡ ᠪᠠᠨ ᠬᠠᠮᠠᠭᠠᠯᠠᠬᠤ ᠦᠢᠯᠡᠳᠦᠯ ᠲᠠᠢ ᠪᠠᠶᠢᠳᠠᠭ᠃ ᠲᠠᠯᠠᠪᠤᠷ ᠲᠤ ᠭᠠᠷᠤᠭᠰᠠᠨ ᠪᠦᠭᠡ ᠥᠪᠡᠷ ᠤᠨ ᠰᠤᠷᠤᠭᠰᠡᠨ ᠳᠡᠪᠢᠯᠲᠡ ᠪᠠᠷ ᠢᠶᠠᠨ | ᠲᠡᠪᠢᠵᠦ ᠪᠠᠷᠠᠭᠰᠠᠨ ᠤ ᠲᠠᠷᠠᠭ᠎ᠠ᠂ ᠪᠠᠷᠢᠯᠳᠤᠬᠤ ᠲᠠᠯᠠᠪᠤᠷ ᠲᠠᠭᠠᠨ ᠨᠠᠷᠡᠨ ᠡᠷᠭᠢᠯᠲᠡ ᠪᠠᠷ ᠠᠭᠠᠵᠢᠮᠬᠠᠨ ᠭᠤᠷᠪᠠ ᠲᠣᠭᠤᠷᠢᠨ ᠡᠷᠭᠢᠭᠡᠳ ᠪᠠᠷᠠᠭᠤᠨ ᠭᠠᠷ ᠤᠨ ᠡᠷᠡᠬᠡᠢ | ᠬᠤᠷᠤᠭᠤ ᠪᠠᠨ ᠳᠣᠯᠢᠶᠠᠵᠤ᠂ ᠠᠶᠤᠤᠯᠢᠬᠠᠢ ᠵᠢᠷᠦᠬᠡ ᠪᠠᠨ ᠢᠯᠪᠢᠵᠦ᠂ ᠬᠤᠶᠠᠷ ᠬᠥᠯ ᠤᠨ ᠭᠤᠳᠤᠯ ᠤᠨ ᠤᠯᠠ ᠪᠠᠨ ᠡᠭᠡᠯᠵᠢᠯᠡᠨ ᠢᠯᠪᠢᠳᠡᠭ᠃ ᠵᠠᠷᠢᠮ ᠰᠦᠰᠦᠭ ᠲᠠᠢ | ᠪᠥᠬᠡᠴᠦᠳ ᠬᠤᠶᠠᠷ ᠭᠠᠷ ᠢᠶᠠᠨ ᠨᠠᠮᠠᠨᠴᠢᠯᠠᠨ ᠠᠭᠤᠯᠠ ᠣᠪᠣᠭᠠᠨ ᠤ ᠡᠵᠡᠳ ᠰᠠᠬᠢᠭᠤᠯᠰᠤᠨ ᠳᠤ ᠵᠠᠯᠪᠠᠷᠢᠵᠤ ᠠᠷᠭ᠎ᠠ ᠮᠡᠭᠡ᠂ ᠬᠦᠴᠦᠨ ᠴᠢᠳᠠᠯ ᠢᠪᠡᠭᠡᠬᠦ ᠶᠢ | ᠳᠠᠭᠠᠳᠬᠠᠳᠠᠭ᠃ ᠵᠠᠷᠢᠮ ᠨᠢ ᠬᠤᠶᠠᠷ ᠭᠤᠶ᠎ᠠ ᠪᠠᠨ ᠬᠦᠴᠦᠲᠡᠢ ᠠᠯᠠᠭᠠᠳᠠᠬᠤ ᠴᠦ ᠪᠤᠢ᠃ | ᠪᠠᠷᠢᠯᠳᠤᠬᠤ᠃ ᠪᠠᠷᠢᠯᠳᠤᠭᠠᠨ ᠤ ᠳᠦᠷᠢᠮ ᠢ ᠵᠥᠷᠢᠴᠡᠬᠦ ᠦᠭᠡᠢ ᠨᠥᠬᠦᠴᠡᠯ ᠳᠣᠣᠷ᠎ᠠ ᠬᠦᠴᠦᠨ ᠴᠢᠳᠠᠯ᠂ ᠤᠷ᠎ᠠ ᠮᠡᠭᠡ᠂ ᠠᠷᠭ᠎ᠠ ᠰᠠᠮᠪᠠᠭ᠎ᠠ ᠪᠠᠨ ᠭᠦᠢᠴᠡᠳ | ᠠᠰᠢᠭᠯᠠᠵᠤ ᠤᠴᠠᠷᠠᠭ᠎ᠠ ᠪᠠᠨ ᠭᠠᠵᠠᠷᠳᠠᠭᠤᠯᠬᠤ ᠪᠠᠷ ᠬᠢᠳᠡᠭ ᠦᠢᠯᠡ ᠶᠢᠨ ᠶᠠᠪᠤᠴᠠ ᠶᠢ ᠪᠠᠷᠢᠯᠳᠤᠬᠤ ᠭᠡᠨ᠎ᠡ᠃ ᠪᠠᠷᠢᠯᠳᠤᠬᠤ ᠪᠣᠯ ᠪᠠᠷᠢᠯᠳᠤᠭᠠᠨ ᠤ ᠪᠦᠲᠦᠴᠡ ᠶᠢᠨ | ᠭᠤᠣᠯ ᠱᠠᠲᠤ ᠪᠣᠯᠣᠨ᠎ᠠ᠃ ᠪᠠᠷᠢᠯᠳᠤᠵᠤ ᠪᠠᠶᠢᠭ᠎ᠠ ᠬᠤᠶᠠᠷ ᠪᠦᠭᠡ ᠶᠢᠨ ᠬᠠᠶᠠᠵᠤ ᠬᠠᠶᠠᠭᠳᠠᠬᠤ᠂ ᠲᠠᠶᠢᠯᠵᠦ ᠳᠡᠶᠢᠯᠦᠭᠳᠡᠬᠦ ᠨᠢ ᠡᠨᠡ ᠱᠠᠲᠤᠨ ᠳᠤ ᠢᠯᠭᠠᠷᠠᠳᠠᠭ᠃ | ᠪᠦᠭᠡ ᠲᠠᠷᠬᠠᠯᠠᠬᠤ᠃ ᠥᠪᠥᠷ ᠮᠣᠩᠭᠤᠯ ᠳᠤ ᠤᠯᠠᠨ ᠵᠢᠯ ᠭᠠᠷᠮᠠᠭᠠᠢ ᠰᠠᠶᠢᠨ ᠪᠠᠷᠢᠯᠳᠤᠬᠤ ᠨᠡᠷ᠎ᠡ ᠠᠯᠲᠠᠷᠰᠢᠭ᠍ᠰᠡᠨ ᠪᠦᠭᠡ ᠨᠠᠰᠤᠨ ᠰᠡᠭᠦᠳᠡᠷ ᠥᠨᠳᠥᠷ ᠪᠣᠯᠵᠤ᠂ | ᠪᠠᠷᠢᠯᠳᠤᠬᠤ ᠬᠦᠴᠦ ᠲᠡᠩᠬᠡᠭᠡ ᠬᠠᠷᠢᠵᠤ ᠪᠠᠭᠤᠷᠠᠬᠤ ᠦᠶ᠎ᠡ ᠳᠤ ᠡᠴᠦᠰ ᠤᠨ ᠤᠳᠠᠭ᠎ᠠ ᠨᠠᠶᠢᠷ ᠨᠠᠭᠠᠳᠤᠮ ᠳᠤ ᠪᠠᠷᠢᠯᠳᠤᠭᠤᠯᠵᠤ᠂ ᠠᠶᠢᠮᠠᠭ ᠪᠤᠶᠤ ᠬᠤᠰᠢᠭᠤᠨ | ᠵᠠᠰᠠᠭ ᠠᠴᠠ ᠲᠡᠭᠦᠨ ᠤ ᠤᠯᠠᠨ ᠵᠢᠯ ᠤᠨ ᠲᠤᠷᠰᠢ ᠬᠠᠷᠢᠯᠲᠠ ᠦᠭᠡᠢ ᠪᠠᠷᠢᠯᠳᠤᠭᠰᠠᠨ ᠬᠠᠴᠢᠨ ᠰᠣᠨᠢᠨ ᠪᠠᠶᠢᠳᠠᠯ ᠪᠠ ᠪᠦᠭᠡ ᠶᠢᠨ ᠪᠠᠷᠢᠯᠳᠤᠭᠠᠨ ᠤ ᠬᠥᠭᠵᠢᠯᠲᠡ ᠳᠤ | ᠦᠵᠡᠭᠦᠯᠦᠭᠰᠡᠨ ᠭᠠᠪᠢᠶ᠎ᠠ ᠵᠢᠳᠬᠦᠯ ᠢ ᠨᠢ ᠤᠯᠠᠨ ᠤ ᠡᠮᠦᠨ᠎ᠡ ᠮᠠᠭᠲᠠᠨ ᠰᠠᠶᠢᠰᠢᠶᠠᠵᠤ᠂ ︽ᠲᠠᠷᠬᠠᠨ ᠪᠦᠭᠡ︾ ᠭᠡᠵᠦ ᠴᠣᠯᠠᠯᠠᠬᠤ ᠶᠢᠨ ᠳᠠᠭᠠᠤ ᠬᠦᠨᠳᠦ ᠪᠠᠷ ᠱᠠᠩᠨᠠᠳᠠᠭ ᠂ | ᠡᠭᠦᠨ ᠢ ᠪᠦᠭᠡ ᠲᠠᠷᠬᠠᠯᠠᠬᠤ ᠭᠡᠲᠡᠭ᠃ ᠲᠠᠷᠬᠠᠯᠠᠭᠳᠠᠭᠰᠡᠨ ᠪᠦᠭᠡ ᠲᠡᠷᠡ ᠳᠣᠣᠷ᠎ᠠ ᠪᠠᠨ ᠡᠮᠦᠰᠬᠡᠯ ᠢᠶᠠᠨ ᠲᠠᠶᠢᠯᠵᠦ᠂ ᠥᠪᠡᠷ ᠤᠨ ᠬᠦᠦ ᠪᠤᠶᠤ ᠲᠦᠷᠦᠯ᠂ ᠱᠠᠪᠢ᠂ | ᠡᠰᠡᠬᠦᠯ᠎ᠡ ᠬᠠᠮᠤᠭ ᠤᠨ ᠲᠣᠭᠤᠭᠰᠠᠨ ᠢᠳᠡᠷ ᠵᠠᠯᠠᠭᠤ ᠪᠦᠭᠡ ᠳᠤ ︽ᠪᠦᠭᠡ ᠶᠢᠨ ᠪᠠᠷᠢᠯᠳᠤᠭᠠᠨ ᠢ ᠨᠡᠩ ᠴᠢᠨᠠᠭᠰᠢᠳᠠ ᠬᠥᠭᠵᠢᠭᠦᠯᠵᠦ᠂ ᠤᠯᠠᠮ ᠰᠠᠶᠢᠨ ᠪᠠᠷᠢᠯᠳᠤᠬᠤ | ᠪᠣᠯᠲᠤᠭᠠᠢ︕︾ ᠭᠡᠵᠦ ᠢᠷᠦᠭᠡᠭᠡᠳ ᠳᠤᠷᠠᠰᠬᠠᠯ ᠪᠣᠯᠭᠠᠨ ᠪᠡᠯᠭᠡᠯᠡᠬᠦ ᠳᠤ᠂ ᠭᠥᠯᠢᠶᠡᠨ ᠠᠪᠬᠤ ᠪᠦᠭᠡ ᠨᠢᠭᠡ ᠬᠥᠯ ᠳᠡᠭᠡᠷ᠎ᠡ ᠪᠠᠨ ᠴᠣᠮᠴᠣᠶᠢᠨ ᠰᠠᠭᠤᠵᠤ᠂ ᠬᠤᠶᠠᠷ | ᠭᠠᠷ ᠢᠶᠠᠨ ᠲᠣᠯᠣᠭᠠᠢ ᠳᠡᠭᠡᠷ᠎ᠡ ᠪᠠᠨ ᠡᠷᠭᠦᠨ ︽ᠢᠷᠦᠭᠡᠯ ᠰᠢᠩᠭᠡᠬᠦ ᠪᠣᠯᠲᠤᠭᠠᠢ︕︾ ᠭᠡᠵᠦ ᠭᠥᠯᠢᠶᠡᠨ ᠠᠪᠳᠠᠭ ᠵᠠᠩᠰᠢᠯ ᠲᠠᠢ ᠪᠠᠶᠢᠳᠠᠭ᠃ ᠪᠦᠭᠡ ᠶᠢᠨ ᠪᠠᠷᠢᠯᠳᠤᠭᠠᠨ | ᠮᠣᠩᠭᠤᠯ ᠦᠨᠳᠦᠰᠦᠲᠡᠨ ᠤ ᠤᠯᠠᠮᠵᠢᠯᠠᠯᠲᠤ ᠨᠠᠭᠠᠳᠤᠮ ᠤᠨ ᠭᠤᠣᠯ ᠬᠡᠯᠪᠡᠷᠢ ᠪᠣᠯᠤᠭᠰᠠᠨ ᠤ ᠬᠤᠪᠢ ᠳᠤ᠂ ᠮᠣᠩᠭᠤᠯᠴᠤᠳ ᠤᠨ ᠤᠬᠠᠮᠰᠠᠷ ᠲᠠᠨᠢᠯᠲᠠ᠂ ᠦᠵᠡᠯ | ᠰᠡᠳᠬᠢᠯᠭᠡ᠂ ᠭᠤᠸ᠎ᠠ ᠲᠠᠭᠠᠰᠢᠶᠠᠯ᠂ ᠵᠠᠩ ᠵᠠᠩᠰᠢᠯ ᠢ ᠤᠯᠠᠨ ᠲᠠᠯ᠎ᠠ ᠪᠠᠷ ᠲᠤᠰᠬᠠᠵᠤ᠂ ᠮᠣᠩᠭᠤᠯ ᠰᠣᠶᠣᠯ ᠤᠨ ᠬᠤᠷᠠᠮᠳᠤᠯ ᠲᠤᠨᠤᠳᠠᠰᠤ ᠶᠢᠨ ᠴᠢᠬᠤᠯᠠ ᠬᠡᠰᠡᠭ | ᠪᠣᠯᠤᠭᠰᠠᠨ ᠪᠠᠶᠢᠨ᠎ᠠ᠃ | | |