ᠪᠦᠭᠡ ᠪᠠᠷᠢᠯᠳᠤᠬᠤ ᠶᠢᠨ ᠰᠤᠷᠭᠠᠨ ᠬᠥᠮᠦᠵᠢᠯ ᠤᠨ ᠠᠴᠢ ᠬᠤᠯᠪᠣᠭᠳᠠᠯ
ᠨᠡᠶᠢᠲᠡᠯᠡᠭᠰᠡᠨ ᠴᠠᠭ᠄
2025/1/8
                                           ● ᠬᠥᠭᠵᠢᠯ           ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠤᠯᠬᠤ ᠪᠦᠭᠡ ᠶᠢᠨ ᠪᠠᠷᠢᠯᠳᠤᠭᠠᠨ ᠪᠣᠯ ᠮᠣᠩᠭᠤᠯ ᠬᠥᠮᠥᠨ ᠤ ᠡᠷᠡᠯᠬᠡᠭ ᠵᠣᠷᠢᠭ ᠢ ᠭᠠᠶᠢᠬᠠᠭᠤᠯᠤᠭᠰᠠᠨ ᠤᠯᠠᠮᠵᠢᠯᠠᠯᠲᠤ ᠨᠠᠭᠠᠳᠤᠮ ᠤᠨ ᠲᠦᠷᠦᠯ ᠪᠣᠯᠣᠨ᠎ᠠ᠃ ᠡᠸᠦ᠋ᠷᠦᠫᠡᠴᠦᠳ ᠨᠣᠭᠤᠭᠠᠨ ᠵᠦᠯᠭᠡᠨ ᠳᠡᠭᠡᠷᠡᠬᠢ ᠭᠠᠶᠢᠬᠠᠮᠰᠢᠭ ᠪᠣᠯᠤᠭᠰᠠᠨ ᠪᠦᠯ ᠪᠥᠮᠪᠦᠭᠡ ᠪᠠᠨ ᠱᠣᠬᠤᠭᠤᠷᠬᠠᠳᠠᠭ ᠪᠣᠯ ᠮᠣᠩᠭᠤᠯᠴᠤᠳ ᠴᠦ ᠲᠠᠷᠠ ᠯᠡ ᠶᠣᠰᠣ ᠪᠠᠷ ᠮᠣᠩᠭᠤᠯ ᠪᠦᠭᠡ ᠪᠠᠨ ᠱᠣᠬᠤᠭᠤᠷᠬᠠᠵᠤ ᠮᠣᠩᠭᠤᠯ ᠪᠦᠭᠡ ᠪᠠᠷ ᠢᠶᠠᠨ ᠣᠮᠣᠭᠰᠢᠳᠠᠭ᠃           ᠨᠢᠭᠡ᠂ ᠮᠣᠩᠭᠤᠯ ᠪᠦᠭᠡ ᠶᠢᠨ ᠤᠷ᠎ᠠ ᠲᠠᠮ           ᠮᠣᠩᠭᠤᠯᠴᠤᠳ ᠪᠦᠭᠡ ᠪᠠᠷ ᠢᠶᠠᠨ ᠪᠠᠭ᠋ᠠᠳᠤᠨ ᠣᠮᠣᠭᠰᠢᠵᠤ ᠪᠦᠭᠡ ᠰᠢᠭ ᠢᠶᠠᠨ ᠴᠢᠭᠢᠷᠠᠭ ᠶᠠᠪᠤᠬᠤ ᠶᠢ ᠪᠡᠯᠭᠡᠳᠡᠨ ᠵᠥᠩᠨᠡᠳᠡᠭ ᠪᠣᠯᠬᠤᠷ ᠲᠡᠦᠬᠡᠨ ᠠᠴᠠ ᠪᠠᠨ ᠠᠪᠤᠭᠠᠳ ᠪᠦᠭᠡ ᠨᠢ ᠮᠣᠩᠭᠤᠯ ᠦᠨᠳᠦᠰᠦᠲᠡᠨ ᠤ ᠡᠷᠡᠯᠬᠡᠭ ᠪᠠᠭᠠᠲᠤᠷᠯᠢᠭ᠂ ᠵᠣᠷᠢᠭ ᠰᠠᠨᠠᠭᠠᠨ ᠤ ᠪᠡᠯᠭᠡᠳᠡᠯ ᠪᠣᠯᠵᠤ ᠢᠷᠡᠵᠡᠢ᠃ ︽ᠬᠥᠮᠥᠨ ᠪᠤᠯᠬᠤ ᠳᠤ ᠪᠠᠭ᠎ᠠ ᠠᠴᠠ ᠪᠠᠨ ᠭᠦᠯᠦᠭ ᠪᠤᠯᠬᠤ ᠳᠤ ᠤᠨᠠᠭᠠᠨ ᠠᠴᠠ ᠪᠠᠨ︾ ᠭᠡᠳᠡᠭᠴᠢᠯᠡᠨ ᠮᠣᠩᠭᠤᠯ ᠬᠡᠦᠬᠡᠳ ᠬᠠᠷᠠᠬᠠᠨ ᠪᠠᠭ᠎ᠠ ᠠᠴᠠ ᠪᠠᠨ ᠪᠦᠭᠡ ᠪᠠᠨ ᠪᠠᠷᠢᠯᠳᠤᠵᠤ ᠤᠷ᠎ᠠ ᠲᠠᠮ᠂ ᠤᠬᠠᠭᠠᠨ ᠰᠠᠨᠠᠭ᠎ᠠ᠂ ᠰᠥᠰᠥ ᠵᠣᠷᠢᠭ ᠢᠶᠠᠨ ᠰᠢᠯᠭᠠᠵᠤ ᠤᠷᠤᠯᠳᠤᠨ᠎ᠠ᠃ ᠮᠣᠩᠭᠤᠯ ᠪᠦᠭᠡ ᠶᠢᠨ ᠪᠠᠷᠢᠯᠳᠤᠭᠠᠨ ᠨᠢ ᠬᠤᠶᠠᠷ ᠬᠥᠮᠥᠨ ᠬᠠᠷᠢᠯᠴᠠᠨ ᠨᠢᠭᠡᠨ ᠨᠢᠭᠡᠨ ᠢᠶᠠᠨ ᠤᠨᠠᠭᠠᠬᠤ ᠪᠠᠷ ᠥᠷᠢᠰᠦᠯᠳᠦᠨ ᠲᠡᠮᠡᠴᠡᠳᠡᠭ ᠤᠴᠢᠷ ᠥᠷᠢᠰᠦᠯᠳᠦᠭᠴᠢ ᠪᠠᠨ ᠢᠯᠠᠬᠤ ᠶᠠᠪᠤᠴᠠ ᠳᠤ ᠬᠦᠴᠦ ᠲᠠᠮᠢᠷ᠂ ᠤᠷ᠎ᠠ ᠲᠡᠮ ᠱᠠᠭᠠᠷᠳᠠᠳᠠᠭ᠃ ᠪᠦᠭᠡ ᠶᠢᠨ ᠤᠷᠮ᠎ᠠ ᠲᠠᠮ ᠳᠤ᠄            1. ᠲᠠᠲᠠᠭ᠎ᠠ᠄ ᠪᠦᠭᠡ ᠶᠢᠨ ᠦᠨᠳᠦᠰᠦᠨ ᠤᠷᠮ᠎ᠠ ᠲᠠᠮ ᠤᠨ ᠨᠢᠭᠡ᠃ ᠲᠠᠲᠠᠭ᠎ᠠ ᠨᠢ ᠰᠢᠭᠤᠳ ᠬᠥᠯ ᠢᠶᠠᠷ ᠢᠶᠠᠨ ᠨᠦᠭᠦᠭᠡ ᠡᠲᠡᠭᠡᠳ ᠢᠶᠠᠨ ᠬᠥᠨᠳᠡᠭᠡᠬᠦ ᠦᠭᠡᠢ ᠴᠦ ᠵᠠᠪᠠᠯ ᠬᠥᠯ ᠤᠨ ᠬᠥᠳᠡᠯᠭᠡᠭᠡᠨ ᠪᠡᠶ᠎ᠡ ᠶᠢᠨ ᠪᠠᠶᠢᠳᠠᠯ ᠲᠡᠩᠴᠡᠭᠦᠯᠦᠨ ᠬᠢᠳᠡᠭ ᠲᠤᠯᠠ ᠪᠦᠭᠦ ᠪᠡᠶ᠎ᠡ ᠶᠢᠨ ᠬᠥᠳᠡᠯᠭᠡᠭᠡᠨ ᠢᠶᠠᠨ ᠵᠣᠬᠢᠴᠠᠭᠤᠯᠬᠤ ᠬᠡᠷᠡᠭᠲᠡᠢ ᠪᠠᠶᠢᠳᠠᠭ᠃ ᠲᠠᠲᠠᠭ᠎ᠠ ᠬᠢᠬᠦ ᠳᠤ ᠣᠷᠣᠨ ᠢᠶᠠᠷ ᠪᠠᠷᠢᠴᠠ ᠪᠠᠨ ᠬᠤᠨᠵᠢᠵᠤ ᠡᠰᠡᠷᠭᠦ ᠡᠲᠡᠭᠡᠳ ᠤᠨ ᠪᠠᠭᠤᠷᠠᠢ ᠲᠠᠯ᠎ᠠ ᠶᠢ ᠠᠰᠢᠭᠯᠠᠨ ᠲᠠᠲᠠᠵᠤ ᠤᠨᠠᠭᠠᠳᠠᠭ᠃ ᠲᠠᠲᠠᠭ᠎ᠠ ᠬᠢᠬᠦ ᠳᠤ ᠵᠠᠪᠠᠯ ᠠᠩᠬᠠᠷᠬᠤ ᠨᠢᠭᠡᠨ ᠵᠦᠢᠯ ᠪᠣᠯ ᠠᠯᠬᠤᠯᠲᠠ ᠵᠥᠪ ᠪᠠᠶᠢᠯᠭᠠᠬᠤ ᠶᠠᠪᠤᠳᠠᠯ ᠪᠣᠯᠣᠨ᠎ᠠ᠃ ᠳᠠᠷᠤᠢ ᠬᠠᠭᠤᠷᠮᠠᠭ ᠬᠥᠳᠡᠯᠭᠡᠭᠡᠨ ᠢᠶᠠᠷ ᠡᠰᠡᠷᠭᠦ ᠡᠲᠡᠭᠡᠳ ᠤᠨ ᠢᠶᠠᠨ ᠬᠦᠨᠳᠦ ᠶᠢᠨ ᠲᠥᠪ ᠢ ᠬᠥᠳᠡᠯᠭᠡᠨ ᠥᠪᠡᠷ ᠤᠨ ᠬᠦᠨᠳᠦ ᠶᠢᠨ ᠲᠥᠪ᠂ ᠳᠠᠷᠤᠢ ᠪᠡᠶ᠎ᠡ ᠪᠠᠨ ᠪᠤᠰᠢᠭᠤ ᠱᠠᠯᠠᠮᠠᠭᠠᠢ ᠵᠠᠶᠢᠯᠠᠭᠤᠯᠵᠤ ᠪᠤᠰᠤᠳ ᠤᠨ ᠣᠶᠢᠴᠢᠬᠤ ᠣᠷᠣᠨ ᠢ ᠦᠯᠡᠳᠡᠭᠡᠵᠦ ᠥᠭᠬᠦ ᠶᠠᠪᠤᠳᠠᠯ ᠪᠣᠯᠣᠨ᠎ᠠ᠃           2. ᠡᠯᠭᠦᠭᠡ᠄ ᠨᠦᠭᠦᠭᠡ ᠡᠲᠡᠭᠡᠳ ᠤᠨ ᠢᠶᠠᠨ ᠨᠢᠭᠡ ᠬᠥᠯ ᠢ ᠱᠠᠭ᠎ᠠ ᠪᠤᠶᠤ ᠦᠰᠦᠭᠡᠢ ᠪᠠᠷ ᠨᠢ ᠡᠯᠭᠦᠵᠦ ᠭᠠᠷᠭᠠᠬᠤ᠃ 1990 ᠣᠨ ᠤ ᠰᠢᠯᠢ ᠶᠢᠨ ᠭᠤᠣᠯ ᠠᠶᠢᠮᠠᠭ ᠤᠨ ᠮᠢᠩᠭᠠᠨ ᠪᠦᠭᠡ ᠶᠢᠨ ᠳᠡᠭᠡᠳᠦ ᠨᠠᠢᠮᠠ ᠶᠢᠨ ᠤᠨᠤᠭᠠᠨ ᠳᠤ ᠵᠡᠭᠦᠨ ᠦᠵᠦᠮᠦᠴᠢᠨ ᠤ ᠪᠤᠶᠠᠨ᠎ᠠ ᠵᠡᠭᠦᠨ ᠰᠥᠨᠢᠳ ᠤᠨ ᠠᠮᠤᠭᠤᠯᠠᠩ ᠢ ᠶᠠᠭ ᠡᠶᠢᠮᠦᠷᠬᠦᠦ ᠬᠢᠳᠡᠯ ᠢᠶᠠᠷ ᠡᠯᠭᠦᠵᠦ ᠬᠠᠶᠠᠭᠰᠠᠨ ᠶᠤᠮ᠃            3. ᠲᠡᠭᠡᠭᠡ᠄ ᠥᠷᠥᠭᠡᠰᠦᠨ ᠬᠥᠯ ᠢᠶᠠᠷ ᠢᠶᠠᠨ ᠨᠦᠭᠦᠭᠡ ᠡᠲᠡᠭᠡᠳ ᠤᠨ ᠢᠶᠠᠨ ᠬᠥᠯ ᠢ ︵ᠵᠡᠭᠦᠨ ᠬᠥᠯ ᠢ ᠪᠠᠷᠠᠭᠤᠨ ᠬᠥᠯ ᠢᠶᠠᠷ︶ ᠳᠣᠲᠣᠷ ᠲᠠᠯ᠎ᠠ ᠠᠴᠠ ᠨᠢ ᠪᠤᠯᠴᠢᠩ ᠠᠴᠠ ᠳᠣᠷᠣᠭᠰᠢᠬᠢ ᠬᠡᠰᠡᠭ ᠢᠶᠠᠷ ᠭᠠᠳᠠᠭᠰᠢ ᠳᠡᠭᠡᠭᠡᠯᠡᠵᠦ ᠠᠷᠤᠨᠰᠢ ᠬᠦᠴᠦᠲᠡᠢ ᠲᠡᠶᠢᠷᠦᠨ ᠳᠡᠭᠡᠭᠡᠯᠡᠬᠦ᠃ ᠲᠡᠭᠡᠭᠡ ᠶᠢ ᠡᠪ ᠲᠣᠬᠢᠷᠠᠭᠰᠠᠨ ᠪᠠᠶᠢᠳᠠᠯ ᠳᠤ ᠶᠠᠮᠠᠷ ᠴᠦ ᠪᠦᠭᠡ ᠪᠦᠷ ᠬᠢᠳᠡᠭ᠃            4. ᠥᠰᠥᠭᠡᠶᠢᠳᠡᠭᠡ᠄ ᠬᠥᠯ ᠤᠨ ᠦᠵᠦᠭᠦᠷ ᠢᠶᠠᠷ ᠢᠶᠠᠨ ᠥᠷᠢᠰᠦᠯᠳᠦᠭᠴᠢ ᠶᠢᠨ ᠬᠤᠶᠠᠷ ᠬᠥᠯ ᠤᠨ ᠬᠤᠭᠤᠷᠣᠨᠳᠤᠭᠤᠷ ᠳᠣᠲᠣᠭᠰᠢ ᠭᠤᠬᠠᠳᠠᠬᠤ᠃ ᠠᠪᠤᠷᠭᠤ ᠪᠠᠶᠠᠷᠪᠠᠭᠠᠲᠤᠷ 2006 ᠣᠨ ᠳᠤ ︽ᠪᠤᠷᠬᠠᠨ ᠬᠠᠯᠲᠤᠨ︾ ᠺᠠᠯᠦ᠋ᠪ ᠤᠨ ᠤᠤᠭᠠᠨ ᠨᠠᠶᠢᠷ ᠲᠤ ᠰᠢᠯᠤᠭᠤᠨ ᠴᠠᠭᠠᠨ ᠤ ᠮᠢ᠊ · ᠰᠣᠶᠣᠯ ᠢ ᠥᠰᠥᠭᠡᠶᠢᠳᠡᠵᠦ ᠬᠠᠶᠠᠪᠠ᠃            5. ᠴᠣᠬᠢᠶ᠎ᠠ᠄ ᠥᠷᠥᠭᠡᠰᠦᠨ ᠬᠥᠯ ᠢᠶᠠᠷ ᠨᠦᠭᠦᠭᠡ ᠡᠲᠡᠭᠡᠳ ᠤᠨ ᠢᠶᠠᠨ ᠬᠥᠯ ᠢ ᠪᠤᠯᠴᠢᠩ ᠠᠴᠠ ᠳᠣᠷᠣᠭᠰᠢᠬᠢ ᠬᠡᠰᠡᠭ ᠢᠶᠠᠷ ᠭᠠᠳᠠᠷ ᠲᠠᠯ᠎ᠠ ᠠᠴᠠ ᠨᠢ ᠬᠦᠴᠦᠲᠡᠢ ᠲᠠᠰᠢᠵᠤ ᠬᠠᠪᠰᠤᠷᠬᠤ᠃ 1997 ᠣᠨ ᠤ ᠣᠷᠣᠨ ᠤ ᠨᠠᠶᠢᠷ ᠤᠨ 512 ᠪᠦᠭᠡ ᠶᠢᠨ ᠲᠡᠷᠢᠭᠦᠨ ᠳᠡᠳ᠋ ᠤᠨ ᠲᠡᠮᠡᠴᠡᠭᠡᠨ ᠳᠤ ᠰᠢᠯᠤᠭᠤᠨ ᠬᠥᠬᠡ ᠶᠢᠨ ᠬᠠᠳᠠ ᠰᠡᠴᠡᠨᠪᠥ᠋ᠬᠡ ᠶᠢ ᠴᠣᠬᠢᠶ᠎ᠠ ᠡᠷᠳᠡᠮ ᠢᠶᠠᠷ ᠬᠠᠶᠠᠭᠰᠠᠨ ᠪᠠᠶᠢᠨ᠎ᠠ᠃           6. ᠬᠥᠨᠲᠥᠷᠦᠭᠡ᠄ ᠵᠢᠰᠢᠭᠦᠯᠵᠦ ᠣᠷᠣᠭᠠᠳ ᠲᠠᠰᠢᠶᠠᠯᠠᠨ ᠲᠤᠩᠭᠤᠷᠴᠤ ᠭᠠᠷᠭᠠᠬᠤ᠃           7. ᠡᠭᠦᠷᠦᠭᠡ᠄ ᠨᠦᠭᠦᠭᠡ ᠡᠲᠡᠭᠡᠳ ᠢᠶᠠᠨ ᠡᠭᠦᠷᠦᠭᠡᠳ ᠤᠷᠤᠭᠰᠢ ᠬᠥᠮᠥᠷᠢᠨ ᠭᠠᠷᠭᠠᠬᠤ᠃ ᠡᠭᠦᠷᠦᠭᠡ ᠪᠣᠯ ᠬᠤᠶᠠᠷ ᠬᠥᠯ ᠵᠣᠭᠰᠣᠭᠰᠠᠨ ᠶᠣᠰᠣᠭᠠᠷ ᠬᠢᠳᠡᠭ ᠡᠷᠳᠡᠮ ᠶᠤᠮ᠃ ᠭᠡᠬᠦ ᠳᠤ ᠤᠷᠢᠳ ᠢᠶᠠᠷ ᠵᠠᠪᠠᠯ ᠡᠰᠡᠷᠭᠦ ᠡᠲᠡᠭᠡᠳ ᠢᠶᠠᠨ ᠲᠠᠲᠠᠵᠤ ᠠᠯᠬᠤᠭᠤᠯᠬᠤ ᠪᠤᠶᠤ ᠪᠠᠷᠢᠴᠠ ᠳᠠᠭᠠᠭᠤᠯᠤᠨ ᠠᠯᠬᠤᠭᠤᠯᠳᠠᠭ᠃           ᠬᠤᠶᠠᠷ᠂ ᠮᠣᠩᠭᠤᠯ ᠪᠦᠭᠡ ᠶᠢᠨ ᠠᠴᠢ ᠲᠤᠰᠠ           1. ᠦᠨᠳᠦᠰᠦᠲᠡᠨ ᠤ ᠰᠣᠶᠣᠯ ᠢ ᠤᠯᠠᠮᠵᠢᠯᠠᠨ ᠬᠥᠭᠵᠢᠭᠦᠯᠬᠦ           ᠥᠨᠥᠳᠥᠷ ᠤᠨ ᠮᠣᠩᠭᠤᠯᠴᠤᠳ ᠲᠤ ᠦᠨᠳᠦᠰᠦᠲᠡᠨ ᠤ ᠥᠪ ᠰᠣᠶᠣᠯ ᠢᠶᠠᠨ ᠵᠠᠯᠭᠠᠮᠵᠢᠯᠠᠨ ᠬᠥᠭᠵᠢᠭᠦᠯᠬᠦ ᠭᠡᠳᠡᠭ ᠠᠰᠤᠷᠤ ᠲᠣᠮᠣ ᠬᠠᠷᠢᠭᠤᠴᠠᠯᠭ᠎ᠠ ᠪᠤᠢ᠃ ᠮᠣᠩᠭᠤᠯᠴᠤᠳ ᠬᠡᠦᠬᠡᠳ ᠢᠶᠠᠨ ᠮᠡᠳᠡᠭᠡ ᠣᠷᠣᠬᠤ ᠲᠠᠢ ᠵᠡᠷᠭᠡ ︽ᠮᠣᠩᠭᠤᠯ ᠬᠥᠮᠥᠨ︾ ᠭᠡᠳᠡᠭ ᠢ ᠲᠠᠨᠢᠭᠤᠯᠵᠤ ᠮᠡᠳᠡᠭᠦᠯᠦᠨ ᠦᠨᠳᠦᠰᠦᠲᠡᠨ ᠢᠶᠠᠨ ᠬᠠᠶᠢᠷᠠᠯᠠᠬᠤ ᠬᠥᠮᠦᠵᠢᠯ ᠤᠨ ᠰᠠᠭᠤᠷᠢ ᠶᠢ ᠲᠠᠯᠪᠢᠨ᠎ᠠ᠃ ᠡᠭᠦᠨ ᠳᠤ ᠨᠠᠭᠠᠳᠤᠮ ᠲᠣᠭᠯᠠᠭᠠᠮ ᠤᠨ ᠬᠢᠨᠢ ᠳᠤᠮᠳᠠ ᠡᠨᠡ ᠬᠦ ᠬᠥᠮᠦᠵᠢᠯ ᠢ ᠠᠭᠤᠰᠬᠠᠵᠤ ᠠᠭᠠᠵᠢᠮ ᠠᠭᠠᠵᠢᠮ ᠢᠶᠠᠷ ᠬᠥᠮᠥᠵᠢᠭᠦᠯᠬᠦ ᠨᠢ ᠨᠢᠭᠡᠨ ᠰᠠᠶᠢᠨ ᠠᠷᠭ᠎ᠠ ᠠᠪᠴᠠᠯ ᠪᠣᠯᠣᠨ᠎ᠠ᠃ ᠮᠣᠩᠭᠤᠯ ᠬᠡᠦᠬᠡᠳ ᠤᠳ ᠢ ᠮᠣᠩᠭᠤᠯ ᠦᠨᠳᠦᠰᠦᠲᠡᠨ ᠤ ᠤᠯᠠᠮᠵᠢᠯᠠᠯᠲᠤ ᠰᠣᠶᠣᠯ ᠲᠠᠮᠢᠷ ᠤᠨ ᠵᠦᠢᠯᠡᠰ - ᠪᠦᠭᠡ ᠪᠠᠷᠢᠯᠳᠤᠬᠤ᠂ ᠮᠣᠷᠢ ᠤᠷᠤᠯᠳᠤᠬᠤ᠂ ᠰᠤᠷ ᠬᠠᠷᠪᠤᠬᠤ ᠵᠡᠷᠭᠡ ᠳᠤ ᠭᠦᠨᠵᠡᠭᠡᠢ ᠣᠶᠢᠯᠠᠭᠠᠯᠲᠠ ᠲᠠᠢ ᠪᠤᠯᠭᠠᠵᠤ ᠪᠦᠭᠡ ᠶᠢᠨ ᠦᠢᠯᠡᠰ ᠢ ᠨᠡᠩ ᠰᠠᠶᠢᠨ ᠤᠯᠠᠮᠵᠢᠯᠠᠨ ᠬᠥᠭᠵᠢᠭᠦᠯᠬᠦ ᠵᠣᠷᠢᠭ ᠢ ᠬᠥᠪᠴᠢᠯᠡᠨ᠎ᠡ᠃           2. ᠮᠣᠩᠭᠤᠯ ᠲᠣᠭᠠᠲᠠᠨ ᠤ ᠰᠥᠰᠥ ᠵᠣᠷᠢᠭ ᠢ ᠡᠷᠴᠢᠯᠡᠬᠦ           ᠮᠣᠩᠭᠤᠯ ᠪᠦᠭᠡ ᠨᠢ ᠮᠣᠩᠭᠤᠯ ᠲᠣᠭᠠᠲᠠᠨ ᠤ ᠰᠥᠰᠥ ᠵᠣᠷᠢᠭ ᠢ ᠳᠠᠪᠲᠠᠨ ᠪᠤᠯᠪᠠᠰᠤᠷᠠᠭᠤᠯᠵᠤ ᠰᠥᠰᠥ ᠵᠣᠷᠢᠭ ᠢ ᠨᠢ ᠡᠷᠴᠢᠯᠡᠵᠦ ᠪᠠᠶᠢᠳᠠᠭ᠃ ᠵᠣᠷᠢᠭ ᠪᠠᠶᠢᠪᠠᠯ ᠶᠠᠭᠤᠨ ᠳᠤ ᠴᠦ ᠭᠦᠷᠦᠨ᠎ᠡ ᠭᠡᠳᠡᠭ ᠢ ᠪᠢ ᠢᠲᠡᠭᠡᠨ᠎ᠡ᠃ ᠥᠪᠡᠷ ᠤᠨ ᠦᠵᠡᠵᠦ ᠥᠩᠭᠡᠷᠡᠭᠦᠯᠦᠭᠰᠡᠨ ᠪᠦᠭᠦᠨ ᠳᠤ ᠶᠠᠮᠠᠷ ᠨᠢᠭᠡᠨ ᠰᠤᠷᠭᠠᠮᠵᠢ ᠵᠠᠪᠠᠯ ᠪᠠᠶᠢᠳᠠᠭ ᠤᠨ ᠤᠴᠢᠷ ᠬᠥᠮᠥᠨ ᠪᠦᠭᠦᠨ ᠢᠯᠠᠭᠳᠠᠯ ᠳᠤ ᠴᠦ ᠲᠡᠷᠠ ᠠᠮᠵᠢᠯᠲᠠ ᠳᠤ ᠴᠦ ᠲᠠᠷᠠ ᠰᠥᠰᠥ ᠵᠣᠷᠢᠭ ᠢᠶᠠᠨ ᠬᠥᠪᠴᠢᠯᠡᠨ ᠭᠠᠭᠴᠠ ᠰᠡᠳᠬᠢᠯ ᠭᠠᠭᠴᠠ ᠵᠣᠷᠢᠭ ᠢᠶᠠᠷ ᠴᠥᠬᠦᠷᠡᠯ ᠦᠭᠡᠢ ᠴᠢᠷᠮᠠᠶᠢᠨ ᠲᠡᠮᠡᠴᠡᠬᠦ ᠨᠢ ᠵᠦᠢ ᠲᠠᠢ᠃ ᠮᠠᠭᠲᠠᠭᠤᠰᠢᠲᠠᠢ ᠨᠢᠭᠡᠨ ᠵᠦᠢᠯ ᠭᠡᠪᠡᠯ ᠮᠣᠩᠭᠤᠯᠴᠤᠳ ᠬᠡᠦᠬᠡᠳ ᠢᠶᠠᠨ ᠬᠠᠷᠠᠬᠠᠨ ᠪᠠᠭ᠎ᠠ ᠠᠴᠠ  ᠨᠢ ᠡᠷ᠎ᠡ ᠶᠢᠨ ᠭᠤᠷᠪᠠᠨ ᠨᠠᠭᠠᠳᠤᠮ ᠳᠤ ᠣᠷᠣᠯᠴᠠᠭᠤᠯᠵᠤ ᠵᠣᠷᠢᠭ ᠰᠥᠰᠥ ᠵ᠊ ᠢ ᠨᠢ ᠳᠠᠪᠲᠠᠳᠠᠭ ᠪᠠᠶᠢᠨ᠎ᠠ᠃ ᠮᠣᠩᠭᠤᠯᠴᠤᠳ ᠤᠨ ᠳᠤᠮᠳᠠ ᠶᠡᠷᠦ  ᠳᠤ ᠪᠠᠨ ︽ᠪᠢ ᠲᠠᠨ ᠳᠤ ᠵᠢᠩᠬᠢᠨᠢ ᠮᠣᠩᠭᠤᠯ ᠬᠥᠮᠥᠨ ᠢᠶᠠᠨ ᠦᠵᠡᠭᠦᠯᠴᠢᠬᠡᠶ᠎ᠡ︾ ᠭᠡᠳᠡᠭ ᠪᠠᠷᠳᠠᠮ ᠦᠭᠡ ᠶᠢ ᠤᠯᠠᠨ ᠶᠠᠷᠢᠳᠠᠭ᠃ ᠡᠭᠦᠨ ᠤ ᠳᠠᠯᠳᠠ ᠤᠳᠬ᠎ᠠ ᠨᠢ ᠪᠢ ᠮᠣᠩᠭᠤᠯ ᠬᠥᠮᠥᠨ ᠤ ᠨᠡᠷ᠎ᠡ ᠠᠯᠳᠠᠷ ᠢ ᠮᠠᠨᠳᠤᠭᠤᠯᠵᠤ ᠮᠣᠩᠭᠤᠯ ᠦᠨᠳᠦᠰᠦᠲᠡᠨ ᠳᠤ ᠪᠠᠨ ᠭᠡᠷᠡᠯ ᠭᠢᠯᠪᠠᠭ᠎ᠠ ᠣᠯᠭᠤᠵᠤ ᠥᠭᠬᠦ ᠠᠴᠠ ᠪᠢᠰᠢ ᠮᠣᠩᠭᠤᠯ ᠬᠥᠮᠥᠨ ᠤ ᠨᠢᠭᠤᠷ ᠢ ᠭᠡᠭᠡᠭᠦ ᠦᠭᠡᠢ ᠭᠡᠰᠡᠨ ᠤᠴᠢᠷ ᠶᠤᠮ᠃ ᠮᠣᠩᠭᠤᠯ ᠪᠦᠭᠡ ᠶᠢᠨ ᠪᠠᠷᠢᠯᠳᠤᠭᠠᠨ ︽ᠨᠢᠭᠤᠷ ᠨᠢᠭᠤᠷ ᠢᠶᠠᠷ ᠢᠶᠠᠨ ᠤᠴᠠᠷᠠᠨ᠂ ᠬᠥᠯ ᠨᠢ ᠬᠥᠯ ᠲᠠᠢ ᠪᠠᠨ᠂ ᠭᠠᠷ ᠨᠢ ᠭᠠᠷ ᠲᠠᠢ ᠪᠠᠨ︾ ᠪᠠᠷᠢᠯᠳᠤᠬᠤ ᠪᠣᠯᠪᠠᠰᠤᠨ ᠰᠠᠶᠢᠬᠠᠨ ᠲᠡᠮᠡᠴᠡᠭᠡᠨ ᠤ ᠵᠢᠷᠤᠮ ᠢᠶᠠᠷ ᠬᠥᠭᠵᠢᠵᠦ ᠪᠥᠬᠡᠴᠦᠳ ᠢ ᠥᠷᠢᠰᠦᠯᠳᠦᠭᠴᠢ ᠡᠲᠡᠭᠡᠳ ᠢᠶᠠᠨ ᠡᠷᠬᠡ ᠪᠠᠷ ᠪᠢᠰᠢ ᠡᠷ᠎ᠡ ᠵᠣᠷᠢᠭ ᠢᠶᠠᠷ ᠢᠶᠠᠨ ᠢᠯᠠᠨ ᠲᠠᠶᠢᠯᠭᠦ ᠪᠠᠷ ᠲᠡᠮᠡᠴᠡᠨ᠎ᠡ᠃ ᠮᠣᠩᠭᠤᠯ ᠪᠦᠭᠡ ᠶᠢᠨ ᠲᠡᠮᠡᠴᠡᠭᠡᠨ ᠪᠦᠭᠦ ᠮᠣᠩᠭᠤᠯ ᠲᠣᠭᠠᠲᠠᠨ ᠤ ᠰᠡᠳᠬᠢᠯ ᠳᠤ ᠨᠢᠭᠡᠨ ᠨᠠᠨᠳᠢᠨ ᠵᠣᠷᠢᠭ ᠰᠠᠨᠠᠭ᠎ᠠ ᠶᠢ ᠥᠪᠯᠡᠭᠰᠡᠨ ᠤᠴᠢᠷ ᠲᠠᠢ᠂ ᠲᠠᠷᠠ ᠬᠤᠭᠤᠷᠠᠬᠤ ᠠᠴᠠ ᠪᠢᠰᠢ ᠨᠤᠭᠤᠷᠠᠬᠤ ᠦᠭᠡᠢ ᠵᠣᠷᠢᠭ᠃ ᠴᠢᠩᠭᠢᠰ ᠬᠠᠭᠠᠨ ᠤᠯᠤᠰ ᠭᠡᠷ ᠢ ᠵᠠᠰᠠᠬᠤ ᠰᠤᠷᠭᠠᠨ  ᠬᠥᠮᠦᠵᠢᠯ ᠤᠨ ᠲᠠᠯ᠎ᠠ ᠪᠠᠷ ᠲᠦᠷᠪᠡᠨ ᠬᠥᠪᠡᠭᠦᠳ ᠲᠤ ᠪᠠᠨ ︽ᠥᠨᠳᠥᠷ ᠠᠭᠤᠯᠠ ᠶᠢᠨ ᠬᠥᠲᠥᠯ ᠢ ᠵᠣᠷᠢ᠂ ᠥᠷᠭᠡᠨ ᠮᠥᠷᠡᠨ ᠤ ᠣᠯᠣᠮ ᠢ ᠵᠣᠷᠢ᠂ ᠪᠡᠶ᠎ᠡ ᠪᠦᠭᠡ ᠪᠣᠯᠪᠠᠰᠤ ᠭᠠᠭᠴᠠ ᠶᠢ ᠢᠯᠠᠵᠤ ᠰᠡᠳᠬᠢᠯ ᠪᠦᠭᠡ ᠪᠣᠯᠪᠠᠰᠤ ᠤᠯᠠᠨ ᠢ ᠢᠯᠠᠨ᠎ᠠ︾ ᠬᠡᠮᠡᠨ ᠵᠠᠷᠯᠢᠭ ᠪᠣᠯᠤᠭᠰᠠᠨ ᠭᠡᠳᠡᠭ᠃ ᠴᠢᠩᠭᠢᠰ ᠬᠠᠭᠠᠨ ᠤ ᠦᠵᠡᠬᠦ ᠪᠠᠷ ᠨᠢᠭᠡ ᠬᠥᠮᠥᠨ ᠵᠦᠪᠭᠡᠨ ᠰᠥᠰᠥ ᠵᠣᠷᠢᠭ ᠪᠠᠶᠢᠭᠠᠳ ᠪᠤᠯᠬᠤ ᠦᠭᠡᠢ᠂ ᠨᠡᠩ ᠴᠢᠬᠤᠯᠠ ᠨᠢ ᠰᠥᠰᠥ ᠵᠣᠷᠢᠭ ᠲᠠᠢ ᠪᠠᠷ ᠨᠢᠭᠡ ᠰᠡᠳᠬᠢᠯ ᠨᠢᠭᠡ ᠵᠣᠷᠢᠭ ᠢᠶᠠᠷ ᠣᠴᠢᠵᠤ ᠭᠦᠢᠴᠡᠳᠬᠡᠬᠦ ᠶᠠᠪᠤᠳᠠᠯ ᠪᠣᠯᠣᠨ᠎ᠠ᠃ ᠲᠡᠷᠡ ᠬᠡᠦᠬᠡᠳ ᠳᠡᠭᠦᠦ ᠨᠠᠷ ᠢᠶᠠᠨ ᠬᠦᠴᠢᠷ ᠪᠡᠷᠬᠡᠰᠢᠶᠡᠯ ᠪᠣᠯᠣᠨ ᠵᠣᠪᠠᠭᠤᠷᠢ ᠵᠦᠳᠡᠭᠦᠷᠢ ᠶᠢᠨ ᠳᠤᠮᠳᠠ ᠳᠠᠪᠲᠠᠨ ᠪᠣᠯᠪᠠᠰᠤᠷᠠᠭᠤᠯᠤᠭᠰᠠᠨ ᠪᠠᠶᠢᠳᠠᠭ᠃ ᠶᠡᠷᠦ ᠨᠢ ᠠᠮᠢᠳᠤᠷᠠᠯ ᠳᠤᠮᠳᠠ ᠭᠡᠳᠤ ᠠᠮᠤᠷ ᠵᠢᠮᠤᠷ ᠪᠠᠶᠢᠬᠤ ᠨᠢ ᠬᠥᠮᠥᠰ ᠤᠨ ᠰᠥᠰᠥ ᠵᠣᠷᠢᠭ ᠢ ᠰᠤᠯᠠᠷᠠᠭᠤᠯᠵᠤ ᠴᠠᠭᠠᠰᠢᠯᠠᠪᠠᠯ ᠬᠥᠮᠥᠰ ᠢ ᠬᠡᠪ ᠤᠨ ᠪᠠᠶᠢᠳᠠᠯ ᠳᠤ ᠬᠡᠪᠰᠢᠭᠦᠯᠵᠦ ᠥᠩᠭᠡᠷᠡᠭᠰᠡᠨ ᠤ ᠵᠣᠪᠠᠭᠤᠷᠢ ᠵᠦᠳᠡᠭᠦᠷᠢ ᠶᠢ ᠤᠮᠠᠷᠲᠠᠭᠤᠯᠳᠠᠭ᠃ ᠲᠡᠦᠬᠡ ᠶᠢᠨ ᠡᠳᠡᠭᠡᠷ ᠤᠯᠠᠨ ᠵᠢᠱᠢᠶ᠎ᠡ ᠠᠴᠠ ᠮᠣᠩᠭᠤᠯ ᠪᠦᠭᠡ ᠨᠢ ᠮᠣᠩᠭᠤᠯ ᠬᠥᠮᠥᠨ ᠤ ᠰᠥᠰᠥ ᠵᠣᠷᠢᠭ ᠢ ᠳᠠᠪᠲᠠᠨ ᠪᠤᠯᠪᠠᠰᠤᠷᠠᠭᠤᠯᠵᠤ ᠪᠠᠶᠢᠳᠠᠭ ᠢ ᠤᠬᠠᠵᠤ ᠪᠣᠯᠣᠨ᠎ᠠ᠃           3. ᠤᠷ᠎ᠠ ᠲᠠᠮ ᠤᠨ ᠬᠥᠮᠦᠵᠢᠯ           ᠮᠣᠩᠭᠤᠯ ᠪᠦᠭᠡ ᠨᠢ ᠮᠣᠩᠭᠤᠯ ᠬᠥᠮᠥᠨ ᠤ ᠤᠷ᠎ᠠ ᠲᠠᠮ ᠤᠨ ᠰᠣᠷᠢᠯᠲᠠ ᠪᠤᠯᠬᠤ ᠶᠢ ᠪᠦᠭᠡ ᠶᠢᠨ ᠬᠥᠭᠵᠢᠯᠲᠡ ᠶᠢᠨ ᠬᠠᠨᠳᠤᠰᠢ ᠪᠣᠯᠣᠨ ᠪᠦᠭᠡ ᠶᠢᠨ ᠪᠠᠷᠢᠯᠳᠤᠭᠠᠨ ᠤ ᠲᠤᠷᠰᠢᠯᠭ᠎ᠠ ᠬᠠᠷᠠᠭᠤᠯᠵᠤ ᠪᠤᠢ᠃ ᠮᠣᠩᠭᠤᠯᠴᠤᠳ ᠮᠣᠩᠭᠤᠯ ᠪᠦᠭᠡ ᠪᠠᠨ ᠪᠠᠷᠢᠯᠳᠤᠵᠤ ᠤᠷᠠᠯᠢᠭ ᠳᠡᠮᠲᠡᠢ ᠡᠷᠳᠡᠮ ᠮᠡᠭᠡ ᠪᠠᠷ ᠥᠷᠢᠰᠦᠯᠳᠦᠭᠴᠢ ᠡᠲᠡᠭᠡᠳ ᠢᠶᠠᠨ ᠲᠠᠶᠢᠯᠭᠦ ᠣᠨᠴᠠ ᠰᠠᠶᠢᠨ ᠪᠦᠭᠡ ᠶᠢᠨ ᠠᠷᠭ᠎ᠠ ᠮᠡᠷᠭᠡᠰᠢᠯ ᠢ ᠡᠵᠡᠮᠰᠢᠬᠦ ᠶᠢᠨ ᠤᠯᠠᠮ ᠠᠴᠠ ᠪᠤᠰᠤᠳ ᠵᠦᠢᠯ ᠤᠨ ᠴᠢᠳᠠᠪᠤᠷᠢ ᠶᠢᠨ ᠬᠥᠭᠵᠢᠯᠲᠡ ᠳᠤ ᠴᠦ ᠨᠥᠯᠥᠭᠡ ᠲᠠᠢ ᠪᠠᠶᠢᠳᠠᠭ᠃ ᠨᠠᠭᠠᠳᠤᠮ ᠳᠤ ᠭᠠᠷᠮᠠᠭᠠᠢ ᠪᠠᠷᠢᠯᠳᠤᠭᠰᠠᠨ ᠪᠥᠬᠡᠴᠦᠳ ᠢᠶᠠᠨ ᠴᠣᠯᠠᠯᠠᠬᠤ ᠪᠤᠶᠤ ᠲᠠᠷᠬᠠᠨ ᠪᠦᠭᠡ ᠶᠢ ᠴᠣᠯᠠᠯᠠᠬᠤ ᠳᠤ ᠵᠦᠩ ᠪᠢᠯᠢᠭ ᠲᠠᠢ ᠦᠭᠡ ᠥᠭᠦᠯᠡᠪᠦᠷᠢ ᠪᠠᠷ ᠮᠠᠭᠲᠠᠨ ᠳᠠᠭᠤᠯᠠᠵᠤ ᠢᠷᠦᠭᠡᠨ ᠪᠡᠯᠭᠡᠳᠡᠳᠡᠭ᠃ ᠢᠷᠦᠭᠡᠯ ᠮᠠᠭᠲᠠᠭᠠᠯ ᠨᠢ ᠰᠠᠶᠢᠨ ᠰᠠᠶᠢᠬᠠᠨ ᠢ ᠬᠦᠰᠡᠵᠦ ᠮᠥᠷᠥᠭᠡᠳᠦᠭᠰᠡᠨ ᠠᠷᠠᠳᠴᠢ ᠴᠢᠨᠠᠷ᠂ ᠪᠠᠶᠠᠰᠤᠩᠭᠤᠢ ᠦᠵᠡᠯ ᠤᠨ ᠭᠡᠷᠡᠯ ᠭᠢᠯᠪᠠᠭ᠎ᠠ ᠲᠠᠢ ᠥᠷᠭᠡᠨ ᠤᠯᠠᠨ ᠮᠣᠩᠭᠤᠯᠴᠤᠳ ᠤᠨ ᠤᠶᠤᠨ ᠤ ᠲᠡᠵᠢᠭᠡᠯ ᠪᠠ ᠤᠷᠠᠯᠢᠭ ᠤᠨ ᠬᠦᠷᠲᠡᠭᠡᠯ ᠪᠤᠯᠬᠤ ᠶᠤᠮ᠃ ᠡᠭᠦᠨ ᠠᠴᠠ ᠲᠤᠬᠠᠢ ᠶᠢᠨ ᠦᠶ᠎ᠡ ᠶᠢᠨ ᠮᠣᠩᠭᠤᠯᠴᠤᠳ ᠤᠨ ᠵᠠᠩ ᠠᠭᠠᠯᠢ᠂ ᠦᠵᠡᠯ ᠰᠤᠷᠲᠠᠯ᠂ ᠠᠵᠤ ᠠᠮᠢᠳᠤᠷᠠᠯ᠂ ᠶᠣᠰᠣ ᠰᠤᠷᠲᠠᠬᠤᠨ ᠢ ᠢᠯᠡᠭᠡᠨ ᠣᠶᠢᠯᠠᠭᠠᠵᠤ ᠪᠤᠯᠬᠤ ᠮᠥᠷᠲᠡᠭᠡᠨ ᠢᠯᠠᠩᠭᠤᠶ᠎ᠠ ᠤᠷᠠᠯᠢᠭ ᠤᠨ ᠲᠠᠯ᠎ᠠ ᠪᠠᠷ ᠰᠢᠩᠭᠡᠭᠡᠵᠦ ᠠᠪᠤᠭᠤᠰᠢᠲᠠᠢ ᠰᠢᠮ᠎ᠡ ᠲᠡᠵᠢᠭᠡᠯ ᠤᠯᠠᠨ ᠪᠠᠶᠢᠳᠠᠭ ᠮᠥᠷᠲᠡᠭᠡᠨ ᠡᠨᠡ ᠨᠢ ᠬᠡᠦᠬᠡᠳ ᠪᠠᠭᠠᠴᠤᠳ ᠢ ᠨᠥᠯᠥᠭᠡᠯᠡᠵᠦ ᠲᠡᠳᠡᠨ ᠤ ᠰᠢᠯᠦᠭ ᠳᠠᠭᠤᠤ ᠵᠣᠬᠢᠶᠠᠬᠤ ᠴᠢᠳᠠᠪᠤᠷᠢ ᠶᠢ ᠬᠥᠮᠥᠵᠢᠭᠦᠯᠬᠦ ᠳᠤ ᠲᠤᠩ ᠴᠢᠬᠤᠯᠠ ᠠᠴᠢ ᠬᠤᠯᠪᠣᠭᠳᠠᠯ ᠲᠠᠢ ᠶᠤᠮ᠃           4. ᠤᠶᠤᠨ ᠤᠬᠠᠭᠠᠨ ᠤ ᠬᠥᠮᠦᠵᠢᠯ           ᠪᠦᠭᠡ ᠨᠢ ᠮᠣᠩᠭᠤᠯᠴᠤᠳ ᠲᠤ ᠶᠣᠰᠣ ᠮᠣᠷᠠᠯ ᠤᠨ ᠬᠥᠮᠦᠵᠢᠯ ᠪᠠ ᠭᠤᠸ᠎ᠠ ᠰᠠᠶᠢᠬᠠᠨ ᠤ ᠬᠦᠷᠲᠡᠭᠡᠯ ᠢ ᠬᠦᠷᠲᠡᠭᠡᠨ᠎ᠡ᠃ ᠪᠦᠭᠡ ᠪᠠᠷᠢᠯᠳᠤᠬᠤ ᠳᠦᠷᠢᠮ ᠵᠢᠷᠤᠮ ᠠᠴᠠ ᠦᠵᠡᠪᠡᠯ ᠪᠠᠷᠢᠯᠳᠤᠵᠤ ᠪᠠᠶᠢᠬᠤ ᠬᠤᠭᠤᠴᠠᠭᠠᠨ ᠳᠤ ᠪᠠᠨ ᠬᠤᠶᠠᠷ ᠪᠦᠭᠡ ᠶᠠᠷᠢᠯᠴᠠᠬᠤ᠂ ᠢᠨᠢᠶᠡᠬᠦ ᠶᠠᠪᠤᠳᠠᠯ ᠢ ᠴᠡᠭᠡᠷᠯᠡᠬᠦ ᠪᠠ ᠨᠦᠭᠦᠭᠡ ᠡᠲᠡᠭᠡᠳ ᠤᠨ ᠭᠡᠵᠢᠭᠡ ᠦᠰᠦ ᠵᠠᠩᠭᠢᠶ᠎ᠠ ᠲᠤᠤᠬᠤᠤ ᠠᠴᠠ ᠲᠠᠲᠠᠵᠤ ᠴᠢᠩᠭᠠᠭᠠᠬᠤ ᠵᠡᠷᠭᠡ ᠪᠣᠯᠪᠠᠰᠤᠨ ᠪᠤᠰᠤ ᠬᠥᠳᠡᠯᠦᠯ ᠪᠠᠷᠢᠯ ᠢ ᠲᠠᠰᠤ ᠴᠡᠭᠡᠷᠯᠡᠵᠦ ᠪᠠᠷᠢᠯᠳᠤᠬᠤ ᠶᠠᠪᠤᠴᠠ ᠳᠤ ᠪᠠᠨ ᠬᠠᠷᠢᠯᠴᠠᠨ ᠭᠡᠮᠲᠦᠭᠡᠵᠦ ᠮᠡᠳᠡᠬᠦ ᠮᠡᠭᠡ ᠬᠥᠳᠡᠯᠦᠯ ᠢ ᠴᠡᠭᠡᠷᠯᠡᠳᠡᠭ ᠳᠦᠷᠢᠮ ᠲᠣᠭᠲᠠᠭᠠᠯ ᠲᠠᠢ ᠮᠥᠷᠲᠡᠭᠡᠨ ᠠᠲᠠᠭ᠎ᠠ ᠵᠢᠲᠥᠭᠡ ᠲᠠᠢ ᠪᠠᠷᠢᠯᠳᠤᠳᠠᠭ ᠦᠭᠡᠢ᠂ ᠰᠢᠷᠦ᠋ᠢᠳᠠᠭᠰᠠᠨ ᠪᠦᠭᠡ ᠪᠠᠨ ᠬᠦᠨᠳᠦᠯᠡᠵᠦ ᠲᠦᠰᠢᠨ ᠪᠣᠰᠬᠠᠵᠤ ᠬᠠᠷᠢᠯᠴᠠᠨ ᠶᠣᠰᠣ ᠬᠢᠵᠦ ᠮᠥᠷᠥ ᠮᠥᠷᠥ ᠪᠠᠨ ᠳᠠᠷᠤᠨ ᠮᠠᠭᠰᠢᠨ ᠲᠠᠪᠢᠵᠦ ᠲᠠᠯᠠᠪᠤᠷ ᠠᠴᠠ ᠭᠠᠷᠳᠠᠬ᠃ ᠡᠨᠡ ᠨᠢ ᠬᠠᠷᠢᠯᠴᠠᠨ ᠬᠦᠨᠳᠦᠳᠬᠡᠬᠦ᠂ ᠬᠠᠷᠢᠯᠴᠠᠨ ᠬᠠᠶᠢᠷᠠᠯᠠᠬᠤ᠂ ᠬᠠᠮᠲᠤ ᠪᠠᠷ ᠲᠠᠪᠰᠢᠬᠤ ᠪᠠ ᠨᠠᠶᠢᠷ ᠲᠠᠢ ᠪᠠᠶᠢᠬᠤ ᠵᠠᠩ ᠰᠤᠷᠲᠠᠯ ᠢ ᠠᠬᠤᠭᠤᠯᠵᠤ ᠦᠭᠡ ᠶᠠᠷᠢᠶ᠎ᠠ ᠦᠢᠯᠡ ᠬᠥᠳᠡᠯᠦᠯ ᠪᠦᠭᠦᠨ ᠢ ᠨᠢ ᠨᠡᠶᠢᠭᠡᠮ ᠨᠠᠶᠢᠳᠠ ᠶᠢᠨ ᠶᠣᠰᠣ ᠰᠤᠷᠲᠠᠬᠤᠨ᠂ ᠪᠣᠯᠪᠠᠰᠤᠨ ᠰᠠᠶᠢᠬᠠᠨ ᠰᠤᠷᠲᠠᠯ ᠳᠤ ᠬᠡᠪᠰᠢᠭᠦᠯᠵᠦ ᠰᠠᠶᠢᠨ ᠰᠠᠶᠢᠬᠠᠨ ᠬᠡᠪ ᠰᠤᠷᠲᠠᠯ ᠢᠶᠠᠷ ᠬᠥᠮᠥᠵᠢᠭᠦᠯᠬᠦ ᠳᠤ ᠰᠠᠭᠤᠷᠢ ᠪᠤᠯᠳᠠᠬ᠃ ᠮᠣᠩᠭᠤᠯ ᠪᠦᠭᠡ ᠶᠢᠨ ᠨᠠᠭᠠᠳᠤᠮ ᠤᠨ ᠲᠤᠪᠤᠶᠢᠭᠰᠠᠨ ᠣᠨᠴᠠᠯᠢᠭ ᠪᠣᠯ ᠦᠨᠳᠦᠰᠦᠲᠡᠨ ᠤ ᠬᠦᠴᠦ ᠲᠠᠮᠢᠷ ᠤᠨ ᠪᠣᠯᠪᠠᠰᠤᠷᠠᠯ ᠪᠣᠯᠣᠨ ᠴᠡᠩᠭᠡᠯ ᠨᠠᠭᠠᠳᠤᠮ ᠢ ᠤᠶᠠᠯᠳᠤᠭᠤᠯᠬᠤ ᠳᠤᠮᠳᠠ ᠮᠣᠩᠭᠤᠯ ᠤᠷᠠᠯᠢᠭ ᠤᠨ ᠠᠪᠢᠶᠠᠰ ᠳᠦᠷᠢ ᠶᠢ ᠪᠦᠲᠦᠭᠡᠯᠴᠢ ᠪᠠᠷ ᠢᠯᠡᠷᠡᠭᠦᠯᠵᠦ ᠱᠤᠭᠤᠭᠰᠠᠨ ᠶᠤᠮ᠃ ᠮᠣᠩᠭᠤᠯ ᠪᠦᠭᠡ ᠨᠢ ᠨᠠᠶᠢᠷ ᠨᠠᠭᠠᠳᠤᠮ ᠤᠨ ᠳᠦᠷᠢᠮ᠂ ᠠᠷᠭ᠎ᠠ᠂ ᠦᠢᠯᠡ ᠬᠥᠳᠡᠯᠦᠯ᠂ ᠲᠠᠯᠠᠪᠤᠷ᠂ ᠪᠠᠭᠠᠵᠢ ᠬᠡᠷᠡᠭᠰᠡᠯ ᠵᠡᠷᠭᠡ ᠲᠠᠯ᠎ᠠ ᠪᠠᠷ ᠪᠦᠷ ᠥᠪᠡᠷᠮᠢᠴᠡ ᠣᠨᠴᠠᠯᠢᠭ ᠲᠠᠢ ᠮᠥᠷᠲᠡᠭᠡᠨ ᠶᠠᠮᠠᠷ ᠨᠢᠭᠡᠨ ᠲᠠᠯ᠎ᠠ ᠠᠴᠠ ᠨᠢ ᠠᠪᠴᠤ ᠦᠵᠡᠭᠰᠡᠨ ᠴᠦ ᠪᠦᠷ ᠭᠤᠸ᠎ᠠ ᠰᠠᠶᠢᠬᠠᠨ ᠤ ᠡᠯᠧᠮᠧᠨ᠋ᠲ ᠢ ᠣᠯᠵᠤ ᠬᠠᠷᠠᠬᠤ ᠶᠤᠮ᠃ ᠭᠡᠬᠦ ᠳᠤ ᠪᠠᠨ ᠡᠳᠡᠭᠡᠷ ᠨᠢ ᠭᠤᠸ᠎ᠠ ᠰᠠᠶᠢᠬᠠᠨ ᠤ ᠣᠨ ᠵᠢᠯ ᠤᠨ ᠳᠠᠪᠲᠠᠯᠲᠠ ᠶᠢ ᠥᠩᠭᠡᠷᠡᠭᠦᠯᠦᠭᠰᠡᠨ ᠶᠤᠮ᠃ ᠪᠦᠭᠡ ᠶᠢᠨ ᠲᠠᠯᠠᠪᠤᠷ ᠲᠤ ᠪᠥᠬᠡᠴᠦᠳ ᠢ ᠰᠣᠨᠢᠷᠬᠠᠬᠤ ᠦᠶ᠎ᠡ ᠠᠷᠰᠯᠠᠨ ᠪᠦᠷᠭᠦᠳ ᠮᠡᠲᠦ ᠶᠢᠨ ᠡᠷᠡᠯᠬᠡᠭ ᠬᠦᠴᠦᠨ ᠤ ᠭᠤᠸ᠎ᠠ ᠰᠠᠶᠢᠬᠠᠨ ᠢ ᠣᠯᠵᠤ ᠬᠠᠷᠠᠬᠤ ᠪᠠᠷ ᠪᠠᠷᠠᠬᠤ ᠦᠭᠡᠢ ᠲᠠᠳᠠᠨ ᠤ ᠱᠠᠯᠠᠮᠠᠭᠠᠢ ᠯᠠᠪᠳᠠᠭᠤᠨ ᠭᠤᠸ᠎ᠠ ᠰᠠᠶᠢᠬᠠᠨ ᠦᠢᠯᠡ ᠬᠥᠳᠡᠯᠦᠯ ᠤᠷᠠᠨ ᠲᠡᠮᠯᠢᠭ ᠤᠬᠠᠭᠠᠨ ᠰᠠᠨᠠᠭᠠᠨ ᠤ ᠭᠠᠶᠢᠬᠠᠮᠰᠢᠭ ᠢ ᠣᠯᠵᠤ ᠬᠠᠷᠠᠳᠠᠭ᠂ ᠪᠥᠬᠡᠴᠦᠳ ᠤᠨ ᠡᠶᠢᠮᠦᠷᠬᠦᠦ ᠵᠣᠷᠢᠭ ᠪᠠ ᠬᠦᠴᠦᠨ ᠰᠠᠮᠪᠠᠭ᠎ᠠ ᠶᠢᠨ ᠨᠢᠭᠡᠳᠦᠯ  ᠨᠢ ᠦᠵᠡᠭᠴᠢᠳ ᠲᠤ ᠭᠤᠸ᠎ᠠ ᠰᠠᠶᠢᠬᠠᠨ ᠤ ᠪᠠᠭ᠋ᠠᠷᠬᠠᠯ ᠪᠣᠯᠵᠤ ᠣᠯᠠᠨ᠎ᠠ ᠱᠠᠭᠰᠢᠭᠳᠠᠳᠠᠭ᠃ ᠥᠰᠪᠦᠷᠢ ᠶᠢᠨ ᠪᠠᠭᠠᠴᠤᠳ ᠲᠤ ︽ᠪᠢ ᠪᠥᠬᠡᠴᠢᠨ ᠪᠣᠯᠣᠨ᠎ᠠ︾ ᠭᠡᠬᠦ ᠪᠤᠳᠤᠯ ᠬᠦᠰᠡᠯ ᠢ ᠤᠷᠭᠤᠭᠤᠯᠳᠠᠬ᠃ ᠨᠠᠶᠢᠷ ᠤᠨ ᠪᠠᠷᠢᠯᠳᠤᠭᠠᠨ ᠡᠬᠢᠯᠡᠬᠦ ᠦᠶᠡᠰ ᠵᠠᠪᠠᠯ ᠬᠦᠩᠭᠢᠨᠡᠮ᠎ᠡ ᠲᠣᠳᠣ ᠳᠠᠭᠤᠨ ᠢᠶᠠᠷ ᠤᠶᠠᠩᠭᠠᠲᠤ ᠰᠢᠯᠦᠭ ᠤᠩᠰᠢᠬᠤ ᠪᠤᠶᠤ ᠪᠦᠭᠡ ᠶᠢᠨ ᠠᠯᠳᠠᠷ ᠴᠣᠯᠠ᠂ ᠨᠤᠲᠤᠭ ᠤᠰᠤ᠂ ᠣᠪᠣᠭ ᠨᠡᠷ᠎ᠡ ᠶᠢ ᠮᠠᠭᠲᠠᠨ ᠳᠠᠭᠤᠳᠠᠵᠤ ᠪᠦᠭᠡ ᠶᠢᠨ ᠤᠷᠢᠶ᠎ᠠ ᠶᠢ ᠠᠶᠠᠯᠠᠭᠤᠯᠤᠨ ᠤᠷᠢᠵᠤ ᠭᠠᠷᠭᠠᠬᠤ ᠨᠢ ᠭᠦᠷᠳᠡᠯ᠎ᠡ ᠰᠡᠳᠬᠢᠯ ᠤᠨ ᠭᠤᠸ᠎ᠠ ᠰᠠᠶᠢᠬᠠᠨ ᠢ ᠢᠯᠡᠷᠡᠭᠦᠯᠵᠦ ᠪᠠᠶᠢᠳᠠᠭ᠃ 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠠ