ᠠᠮᠤᠷ ᠪᠠᠶᠠᠰᠬᠤᠯᠠᠩᠲᠤ ᠨᠠᠭᠠᠳᠤᠮ
ᠨᠡᠶᠢᠲᠡᠯᠡᠭᠰᠡᠨ ᠴᠠᠭ᠄
2025/1/8
       2007 ᠣᠨ ᠤ 6 ᠰᠠᠷ᠎ᠠ ᠳᠤ᠂ ︽ᠠᠮᠤᠷ ᠪᠠᠶᠠᠰᠬᠤᠯᠠᠩᠲᠤ ᠨᠠᠭᠠᠳᠤᠮ︾ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠤᠭᠠᠷ ᠪᠦᠯᠦᠭ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ  ᠤᠨ ᠨᠡᠷᠡᠰ ᠲᠤ ᠣᠷᠣᠵᠤ᠂ 2009 ᠣᠨ ᠤ 8 ᠰᠠᠷ᠎ᠠ ᠳᠤ ᠳᠠᠬᠢᠨ ᠤᠯᠠᠭᠠᠨᠬᠠᠳᠠ ᠬᠤᠲᠠ ᠶᠢᠨ ᠨᠢᠭᠡᠳᠦᠭᠡᠷ ᠪᠦᠯᠦᠭ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ᠤᠨ ᠨᠡᠷᠡᠰ ᠲᠤ ᠣᠷᠣᠭᠰᠠᠨ ᠪᠠᠶᠢᠨ᠎ᠠ᠃            ᠠᠮᠤᠷ ᠪᠠᠶᠠᠰᠬᠤᠯᠠᠩᠲᠤ ᠨᠠᠭᠠᠳᠤᠮ ᠨᠢ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤᠨ ᠤ ᠪᠠᠶᠠᠨ᠋ᠥ᠌ᠨᠳᠦᠷ ᠰᠤᠮᠤᠨ ᠳᠤ ᠤᠯᠠᠮᠵᠢᠯᠠᠭᠳᠠᠭᠰᠠᠭᠠᠷ ᠢᠷᠡᠵᠡᠢ᠃ ᠲᠤᠰ ᠨᠠᠭᠠᠳᠤᠮ ᠳᠤ ᠨᠡᠶᠢᠲᠡ ᠭᠤᠴᠢᠨ ᠵᠢᠷᠭᠤᠭ᠎ᠠ ᠮᠣᠳᠣ ᠪᠠᠶᠢᠵᠤ᠂ ᠶᠢᠰᠦᠨ ᠶᠠᠩᠵᠤ ᠪᠠᠷ ᠳᠦᠷᠪᠡᠨ ᠳᠤᠭᠤᠶᠢᠯᠠᠩ ᠳᠤ ᠬᠤᠪᠢᠶᠠᠭᠳᠠᠳᠠᠭ᠃ ᠡᠳᠡᠭᠡᠷ ᠶᠢᠰᠦᠨ ᠮᠣᠳᠣ ᠶᠢ ᠶᠡᠭᠡ ᠠᠴᠠ ᠨᠢ ᠪᠠᠭ᠎ᠠ ᠵᠦᠭ ᠲᠤ ᠨᠢ ᠵᠢᠭᠰᠠᠭᠠᠪᠠᠯ᠂ ᠳᠦᠷᠪᠡᠨ ᠬᠦᠴᠦᠲᠡᠨ᠂ ᠴᠢᠨᠳᠠᠮᠤᠨᠢ᠂ ᠮᠣᠷᠢ᠂ ᠳᠤᠩ᠂ ᠳ᠋ᠤᠸᠠᠽᠠ ︵ᠵᠠᠯᠰᠠᠨ︶᠂ ᠵᠡᠭᠡᠷ᠎ᠡ᠂ ᠲᠠᠬᠢᠶ᠎ᠠ᠂ ᠨᠣᠬᠠᠢ ᠪᠣᠯᠣᠨ ᠭᠠᠭ᠋ᠠᠢ ᠪᠣᠯᠣᠨ᠎ᠠ᠃ ᠡᠭᠦᠨ ᠳᠤ᠂ ᠳᠦᠷᠪᠡᠨ ᠬᠦᠴᠦᠲᠡᠨ ᠨᠢ ᠯᠤᠤ᠂ ᠭᠠᠷᠤᠳᠢ᠂ ᠠᠷᠰᠯᠠᠨ ᠪᠠ ᠪᠠᠷᠰ ᠵᠡᠷᠭᠡ ᠶᠤᠮ᠃ ᠡᠳᠡᠭᠡᠷ ᠤᠨ ᠵᠢᠷᠤᠭ ᠳᠦᠷᠰᠦ ᠶᠢ ᠬᠠᠲᠠᠭᠤ ᠮᠣᠳᠣ ᠶᠢᠨ ᠳᠡᠭᠡᠷ᠎ᠡ ᠰᠡᠶᠢᠯᠦᠨ ᠬᠢᠵᠦ᠂ ᠶᠡᠭᠡ ᠪᠠᠭ᠎ᠠ ᠨᠢ ᠡᠩ ᠤᠨ ᠴᠦᠳᠡᠨᠵᠡ ᠶᠢᠨ ᠬᠠᠶᠢᠷᠴᠠᠭ ᠬᠢᠷᠢᠲᠡᠢ᠂ ᠪᠠᠷᠤᠭ ᠲᠠᠪᠤᠨ ᠮᠢᠯᠢᠮᠧᠳ᠋ᠷ ᠵᠤᠵᠠᠭᠠᠨ ᠪᠠᠶᠢᠳᠠᠭ᠃            ᠪᠠᠶᠠᠨ᠋ᠥ᠌ᠨᠳᠦᠷ ᠰᠤᠮᠤ ᠶᠢᠨ ᠠᠯᠳ᠋ᠬᠠᠦ᠋ᠨᠳᠦᠷ ᠭᠠᠴᠠᠭᠠᠨ ᠤ ᠷᠠᠰᠢᠷᠠᠪᠲᠠᠨ ᠤ ᠬᠠᠳᠠᠭᠠᠯᠠᠵᠤ ᠪᠠᠶᠢᠭ᠎ᠠ ᠠᠮᠤᠷ ᠪᠠᠶᠠᠰᠬᠤᠯᠠᠩᠲᠤ ᠨᠠᠭᠠᠳᠤᠮ ᠨᠢ ᠪᠠᠷᠤᠭ ᠵᠠᠭᠤᠨ ᠵᠢᠯ ᠤᠨ ᠲᠡᠦᠬᠡ ᠲᠠᠢ ᠪᠠᠶᠢᠵᠤ᠂ ᠡᠭᠦᠨ ᠤ ᠬᠠᠮᠤᠭ ᠡᠷᠲᠡᠨ ᠤ ᠡᠵᠡᠨ  ᠨᠢ ᠬᠠᠭᠠᠨ ᠰᠦᠮ᠎ᠡ ᠶᠢᠨ ᠯᠠᠮᠠ ᠪᠠᠶᠢᠭᠰᠠᠨ ᠠᠷᠤ ᠬᠤᠷᠴᠢᠨ ᠤ ᠠᠯᠳᠠᠷᠲᠤ ᠪᠦᠬᠡ ᠭᠤᠮᠪᠣᠵᠠᠪ ᠮᠠᠮᠠ ᠶᠤᠮ᠃ ᠭᠤᠮᠪᠣᠵᠠᠪ ᠨᠢᠭᠡ ᠯᠠ ᠥᠬᠢᠨ ᠳᠡᠭᠦᠦ ᠲᠠᠢ ᠪᠣᠯᠬᠤᠷ᠂ ᠡᠨᠡᠬᠦ ᠨᠠᠭᠠᠳᠤᠮ ᠢᠶᠠᠨ ᠬᠤᠶᠠᠷ ᠵᠢᠭᠡ - ᠮᠥᠨ ᠬᠠᠭᠠᠨ ᠰᠦᠮ᠎ᠡ ᠶᠢᠨ ᠯᠠᠮᠠ ᠰᠣᠳᠪᠣᠵᠠᠮᠰᠤ ᠪᠣᠯᠣᠨ ᠨᠣᠷᠪᠤ ᠳᠠᠭᠠᠨ ᠭᠡᠷᠢᠶᠡᠰᠦᠯᠡᠨ ᠥᠭᠴᠡᠢ᠃ ᠡᠨᠡ ᠨᠢ ᠬᠤᠵᠢᠮ ᠨᠢ ᠭᠤᠮᠪᠣᠵᠠᠪ ᠤᠨ ᠪᠠᠰᠠ ᠨᠢᠭᠡ ᠵᠢᠭᠡ ᠬᠠᠩᠷᠠᠵᠠᠪ ᠤᠨ ᠳᠤ ᠤᠯᠠᠮᠵᠢᠯᠠᠭᠳᠠᠪᠠ᠃ ᠷᠠᠰᠢᠷᠠᠪᠲᠠᠨ ᠪᠣᠯ ᠬᠠᠩᠷᠠᠵᠠᠪ ᠤᠨ ᠬᠤᠶᠠᠳᠤᠭᠠᠷ ᠬᠦᠦ ᠨᠢ ᠶᠤᠮ᠃            ᠠᠮᠤᠷ ᠪᠠᠶᠠᠰᠬᠤᠯᠠᠩᠲᠤ ᠨᠠᠭᠠᠳᠤᠮ ᠢ ᠬᠤᠶᠠᠷ ᠬᠥᠮᠥᠨ᠂ ᠭᠤᠷᠪᠠᠨ ᠬᠥᠮᠥᠨ᠂ ᠳᠦᠷᠪᠡᠨ ᠬᠥᠮᠥᠨ ᠵᠢᠷᠭᠤᠭᠠᠨ ᠬᠥᠮᠥᠨ ᠪᠦᠷ ᠨᠠᠭᠠᠳᠴᠤ ᠪᠣᠯᠳᠠᠭ᠃ ᠡᠭᠦᠨ ᠳᠤ᠂ ᠬᠤᠪᠢ ᠬᠤᠪᠢ ᠪᠠᠷ ᠢᠶᠠᠨ ᠡᠵᠡᠨ ᠪᠣᠯᠬᠤ ᠪᠤᠶᠤ ᠡᠰᠡᠷᠭᠦ ᠲᠠᠯ᠎ᠠ  ᠶᠢᠨ ᠬᠥᠮᠥᠨ ᠲᠠᠢ ᠪᠠᠨ ᠬᠤᠷᠰᠢᠵᠤ ᠴᠦ ᠪᠣᠯᠣᠨ᠎ᠠ᠃ ᠨᠠᠭᠠᠳᠤᠮ ᠤᠨ ᠮᠣᠳᠣ ᠶᠢ ᠡᠬᠢᠯᠡᠨ ᠠᠪᠬᠤ ᠪᠠ ᠲᠠᠯᠪᠢᠬᠤ ᠶᠢ ᠲᠣᠭᠲᠠᠭᠠᠬᠤ ᠳᠤ᠂ ᠶᠠᠮᠠᠷ ᠨᠢᠭᠡ ᠣᠪᠣᠭ᠎ᠠ ᠮᠣᠳᠣ ᠶᠢᠨ ᠬᠠᠮᠤᠭ ᠳᠣᠣᠷ᠎ᠠ ᠮᠣᠳᠣ ᠶᠢ ᠦᠨᠳᠦᠰᠦᠯᠡᠵᠦ᠂ ᠤᠷᠢᠳᠠᠪᠠᠷ ᠠᠪᠤᠭᠰᠠᠨ ᠬᠥᠮᠥᠨ ᠮᠥᠨ ᠤᠷᠢᠳᠠᠪᠠᠷ ᠲᠠᠯᠪᠢᠳᠠᠭ᠃ ᠮᠣᠳᠣ ᠶᠢ ᠭᠠᠭᠴᠠᠭᠠᠷ ᠲᠠᠯᠪᠢᠬᠤ ᠪᠤᠶᠤ ᠬᠤᠷᠰᠢᠶ᠎ᠡ ᠪᠠᠷ ᠲᠠᠯᠪᠢᠵᠤ ᠴᠦ ᠪᠣᠯᠣᠨ᠎ᠠ᠃ ᠶᠡᠷᠦᠩᠬᠡᠢ ᠵᠠᠷᠴᠢᠮ ᠨᠢ ᠶᠡᠭᠡ ᠮᠣᠳᠣ ᠨᠢ ᠪᠠᠭ᠎ᠠ ᠮᠣᠳᠣ ᠪᠠᠨ ᠳᠡᠶᠢᠯᠵᠦ᠂ ᠬᠤᠷᠰᠢᠶ᠎ᠠ ᠮᠣᠳᠣ ᠨᠢ ᠬᠤᠯᠢᠮᠠᠭ ᠮᠣᠳᠣ ᠨᠤᠭᠤᠳ ᠠᠴᠠ ᠳᠠᠪᠠᠭᠤᠯᠢᠭ ᠶᠤᠮ᠃ ᠨᠢᠭᠡ ᠡᠷᠭᠢᠯᠲᠡ ᠮᠣᠳᠣ ᠪᠠᠨ ᠲᠠᠯᠪᠢᠵᠤ ᠪᠠᠷᠠᠪᠠᠯ᠂ ᠳᠡᠶᠢᠯᠦᠭᠰᠡᠨ ᠬᠥᠮᠥᠨ ᠪᠦᠬᠦ ᠮᠣᠳᠣ ᠶᠢ ᠣᠯᠵᠤ᠂ ᠡᠮᠦᠨ᠎ᠡ ᠪᠠᠨ ᠠᠪᠠᠴᠢᠭᠠᠳ ︽ᠭᠡᠷ ᠪᠣᠰᠬᠠᠳᠠᠭ︾᠃ ᠨᠢᠭᠡ ᠤᠳᠠᠭᠠᠨ ᠤ ᠨᠠᠭᠠᠳᠤᠮ ᠳᠤ᠂ ᠡᠶᠢᠮᠦᠷᠬᠦᠦ ︽ᠭᠡᠷ︾ ᠢ ᠬᠠᠮᠤᠭ ᠣᠯᠠᠨ ᠪᠣᠰᠬᠠᠭᠰᠠᠨ ᠬᠥᠮᠥᠨ ᠨᠢ ᠳᠡᠶᠢᠯᠵᠦ᠂ ︽ᠭᠡᠷ︾ ᠴᠥᠭᠡᠨ ᠪᠤᠶᠤ ᠣᠯᠵᠤ ᠪᠣᠰᠬᠠᠭᠰᠠᠨ ᠦᠭᠡᠢ ᠬᠥᠮᠥᠨ ᠨᠢ ᠶᠠᠷᠢᠶᠠᠨ ᠦᠭᠡᠢ ᠳᠡᠶᠢᠯᠦᠭᠳᠡᠭᠰᠡᠨ  ᠳᠤ ᠣᠷᠣᠨ᠎ᠠ᠃            ᠠᠮᠤᠷ ᠪᠠᠶᠠᠰᠬᠤᠯᠠᠩᠲᠤ ᠨᠠᠭᠠᠳᠤᠮ ᠤᠨ ᠢᠷᠡᠯᠲᠡ ᠪᠣᠯᠣᠨ ᠨᠠᠭᠠᠳᠬᠤ ᠠᠭᠤᠯᠭ᠎ᠠ ᠶᠢᠨ ᠲᠤᠬᠠᠢ ᠲᠡᠮᠳᠡᠭᠯᠡᠯ ᠢ ᠮᠣᠩᠭᠤᠯ ᠲᠡᠦᠬᠡ ᠰᠣᠶᠣᠯ ᠤᠨ ᠪᠢᠴᠢᠭ ᠨᠣᠮ ᠠᠴᠠ ᠬᠠᠷᠠᠬᠠᠨ ᠣᠯᠣᠭᠠᠳᠤᠢ ᠪᠠᠶᠢᠨ᠎ᠠ᠃ ᠨᠤᠲᠤᠭ ᠤᠨ ᠬᠥᠮᠥᠰ ᠤᠨ ᠬᠡᠯᠡᠬᠦ ᠪᠠᠷ᠂ ᠡᠨᠡ ᠪᠣᠯ ᠮᠠᠰᠢ ᠡᠷᠲᠡᠨ ᠤ ᠨᠠᠭᠠᠳᠤᠮ ᠪᠠᠶᠢᠵᠤ᠂ ᠴᠢᠨᠠᠭᠰᠢᠯᠠᠪᠠᠯ ᠤᠮᠠᠷᠠᠲᠤ ᠶᠤᠸᠠᠨ ᠤᠯᠤᠰ ᠤᠨ ᠯᠢᠭᠳᠡᠨ ᠬᠠᠭᠠᠨ ᠲᠠᠢ ᠴᠦ ᠬᠤᠯᠪᠤᠭ᠎ᠠ ᠲᠠᠢ ᠭᠡᠳᠡᠭ᠃ ᠡᠭᠦᠨ ᠳᠤ᠂ ᠯᠢᠭᠳᠡᠨ ᠬᠠᠭᠠᠨ ᠤ ᠸᠴᠢᠷᠲᠦ ᠴᠠᠭᠠᠨ ᠬᠤᠲᠠ  ᠶᠢᠨ ᠪᠠᠭᠤᠷᠢ ᠨᠢ ᠮᠥᠨ ᠬᠠᠨᠰᠦ᠋ᠮ᠎ᠠ ᠰᠤᠮᠤ ᠶᠢᠨ ᠬᠠᠷᠢᠶᠠᠨ ᠳᠤ ᠪᠠᠶᠢᠳᠠᠭ᠃ ᠠᠮᠤᠷ ᠪᠠᠶᠠᠰᠬᠤᠯᠠᠩᠲᠤ ᠨᠠᠭᠠᠳᠤᠮ ᠨᠢ ᠪᠤᠷᠬᠠᠨ ᠱᠠᠰᠢᠨ ᠤ ᠵᠠᠷᠢᠮ ᠠᠭᠤᠯᠭ᠎ᠠ ᠲᠠᠢ ᠪᠣᠯᠬᠤᠷ᠂ ᠠᠷᠠᠳ ᠤᠨ ᠳᠤᠮᠳᠠ ᠥᠷᠭᠡᠨ ᠳᠡᠯᠭᠡᠷᠡᠭᠰᠡᠨ ᠦᠭᠡᠢ᠃ ᠥᠩᠭᠡᠷᠡᠭᠰᠡᠨ ᠳᠤ᠂ ᠵᠦᠪᠬᠡᠨ ᠨᠣᠶᠠᠳ ᠪᠠᠶᠠᠳ ᠪᠤᠶᠤ ᠭᠡᠭᠡᠨ ᠬᠤᠪᠢᠯᠭᠠᠳ ᠨᠠᠭᠠᠳᠤᠳᠠᠭ ᠪᠠᠶᠢᠵᠠᠢ᠃ ᠡᠶᠢᠮᠦ ᠠᠴᠠ᠂ ᠡᠨᠡᠬᠦ ᠨᠠᠭᠠᠳᠤᠮ ᠤᠨ ᠢᠷᠡᠯᠲᠡ ᠪᠣᠯᠣᠨ ᠠᠴᠢ ᠬᠤᠯᠪᠣᠭᠳᠠᠯ  ᠤᠨ ᠲᠠᠯ᠎ᠠ ᠪᠠᠷ ᠰᠤᠷᠪᠤᠯᠵᠢᠯᠠᠨ ᠰᠤᠳᠤᠯᠬᠤ ᠵᠦᠢᠯ ᠣᠯᠠᠨ ᠪᠣᠢ᠃ ᠡᠨᠡ ᠨᠢ ᠮᠣᠩᠭᠤᠯᠴᠤᠳ ᠤᠨ ᠨᠠᠭᠠᠳᠤᠮ ᠤᠨ ᠰᠣᠶᠣᠯ ᠤᠨ ᠵᠠᠷᠢᠮ ᠠᠭᠤᠯᠭ᠎ᠠ ᠶᠢ ᠲᠠᠶᠢᠯᠪᠤᠷᠢᠯᠠᠬᠤ ᠳᠤ ᠵᠣᠬᠢᠬᠤ ᠠᠴᠢ ᠬᠤᠯᠪᠣᠭᠳᠠᠯ ᠲᠠᠢ ᠶᠤᠮ᠃ ︵ᠪᠠᠭᠠᠪᠣᠯᠣᠳ︶ 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ