ᠵᠧᠩ ᠾᠧ ᠪᠠ ᠲᠠᠯᠠᠢ ᠶᠢᠨ ᠲᠣᠷᠭᠠᠨ ᠤ ᠵᠠᠮ ︵ᠬᠤᠶᠠᠷ︶
ᠨᠡᠶᠢᠲᠡᠯᠡᠭᠰᠡᠨ ᠴᠠᠭ᠄
2025/1/8
                  ᠵᠧᠩ ᠾᠧ ᠪᠠ ᠲᠠᠯᠠᠢ ᠶᠢᠨ ᠲᠣᠷᠭᠠᠨ ᠤ ᠵᠠᠮ ︵ᠬᠤᠶᠠᠷ︶                              ᠳ᠋ᠠᠨᠽᠠᠨ ᠵᠣᠬᠢᠶᠠᠪᠠ                ᠪᠣᠯᠪᠠᠰᠤᠨ ᠤ ᠠᠶᠠᠯᠠᠯ           ᠵᠧᠩ ᠾᠧ ᠪᠣᠯ ᠳᠡᠯᠡᠬᠡᠢ ᠶᠢᠨ ᠲᠠᠯᠠᠢ ᠶᠢᠨ ᠠᠶᠠᠯᠠᠯ ᠤᠨ ᠲᠡᠦᠬᠡᠨ ᠳᠠᠬᠢ ᠲᠣᠮᠣ ᠬᠥᠰᠢᠶ᠎ᠡ᠂ ᠳᠡᠯᠡᠬᠡᠢ ᠪᠠᠷ ᠢᠶᠠᠨ ᠮᠡᠳᠡᠷᠡᠬᠦ ᠲᠠᠯᠠᠢ ᠶᠢᠨ ᠠᠪᠤᠷᠭᠤ ᠬᠥᠮᠥᠨ᠂ ᠬᠥᠮᠥᠨ ᠲᠥᠷᠥᠯᠬᠢᠲᠡᠨ ᠤ ᠨᠥᠬᠦᠷᠯᠡᠯ ᠳᠤ ᠨᠠᠰᠤ᠂ ᠪᠡᠶ᠎ᠡ ᠪᠠᠨ ᠵᠣᠷᠢᠭᠤᠯᠤᠭᠰᠠᠨ ᠠᠭᠤᠤ ᠬᠥᠮᠥᠨ ᠪᠦᠯᠦᠭᠡ᠃ ᠡᠸᠦ᠋ᠷᠦᠫᠡ ᠶᠢᠨ ᠭᠤᠷᠪᠠᠨ ᠲᠠᠯᠠᠢ ᠶᠢᠨ ᠠᠶᠠᠯᠠᠯᠴᠢᠨ ᠲᠠᠢ ᠬᠠᠷᠢᠴᠠᠭᠤᠯᠬᠤ ᠦᠭᠡᠢ ᠪᠣᠯ ᠮᠡᠳᠡᠬᠦ ᠦᠭᠡᠢ᠂ ᠬᠠᠷᠢᠴᠠᠭᠤᠯᠪᠠᠯ ᠨᠢᠳᠦ ᠪᠦᠯᠳᠣ ᠰᠣᠴᠢᠬᠤ ᠠᠵᠤᠭᠤ᠃ ᠴᠠᠭ ᠤᠨ ᠬᠤᠪᠢ ᠳᠤ ᠵᠧᠩ ᠾᠧ 1405 ᠣᠨ ᠳᠤ ᠠᠩᠬ᠎ᠠ ᠤᠳᠠᠭ᠎ᠠ ᠠᠳ᠋ᠯᠠᠨᠲ ᠲᠠᠯᠠᠢ ᠪᠠᠷ ᠠᠹᠧᠷᠢᠺᠠ ᠳᠤ ᠬᠦᠷᠦᠭᠰᠡᠨ  ᠨᠢ ᠢᠲ᠋ᠠᠯᠢ ᠶᠢᠨ ᠺᠣᠯᠤᠮᠪᠤ ᠠᠳ᠋ᠯᠠᠨᠲ ᠲᠠᠯᠠᠢ ᠶᠢ ᠬᠥᠨᠳᠡᠯᠡᠨ ᠲᠣᠭᠤᠯᠵᠣ᠂ ᠠᠮᠧᠷᠢᠺᠠ ᠲᠢᠪ ᠢ ᠢᠯᠡᠷᠡᠭᠦᠯᠦᠭᠰᠡᠨ ᠠᠴᠠ 87 ᠵᠢᠯ ᠡᠷᠲᠡ᠂ ᠫᠣᠷᠲ᠋ᠣᠭᠠᠯ ᠤᠨ ᠳ᠋᠊ · ᠭᠠᠮᠨ ᠰᠠᠶᠢᠨ ᠢᠲᠡᠭᠡᠯᠲᠦ ᠬᠤᠰᠢᠭᠤ ᠶᠢ ᠣᠷᠢᠶᠠᠵᠤ ᠡᠨᠡᠳᠬᠡᠭ ᠲᠤ ᠬᠦᠷᠦᠭᠰᠡᠨ ᠠᠴᠠ 92 ᠵᠢᠯ ᠡᠷᠲᠡ᠂ ᠫᠣᠷᠲ᠋ᠣᠭᠠᠯ ᠤᠨ ᠮᠠᠵᠧᠯᠧᠨ ᠪᠥᠮᠪᠥᠷᠴᠡᠭ ᠢ ᠲᠣᠭᠤᠷᠢᠵᠤ ᠠᠶᠠᠯᠠᠭᠰᠠᠨ ᠠᠴᠠ 116 ᠵᠢᠯ ᠡᠷᠲᠡ ᠠᠪᠠᠢ᠃ ᠬᠡᠪᠴᠢᠶ᠎ᠡ ᠶᠢᠨ ᠬᠤᠪᠢ ᠳᠤ ᠵᠧᠩ ᠾᠧ ᠤᠳᠠᠭ᠎ᠠ ᠪᠣᠯᠭᠠᠨ ᠠᠳ᠋ᠯᠠᠨᠲ ᠲᠠᠯᠠᠢ ᠪᠠᠷ ᠠᠶᠠᠯᠠᠬᠤ ᠳᠤ 260 ᠭᠠᠷᠤᠢ ᠣᠩᠭᠤᠴᠠ᠂ 27000 ᠰᠢᠬᠠᠮ ᠬᠥᠮᠥᠨ ᠲᠠᠢ᠂ ᠺᠣᠯᠤᠮᠪᠤ ᠠᠩᠬ᠎ᠠ ᠠᠶᠠᠯᠠᠬᠤ ᠳᠤ 3 ᠣᠩᠭᠤᠴᠠ᠂ 90 ᠬᠥᠮᠥᠨ ᠲᠠᠢ᠂ ᠳ᠋᠊ · ᠭᠠᠮᠨ ᠠᠩᠬ᠎ᠠ ᠠᠶᠠᠯᠠᠬᠤ ᠳᠤ 4 ᠣᠩᠭᠤᠴᠠ᠂ 170 ᠬᠥᠮᠥᠨ ᠲᠠᠢ᠂ ᠮᠠᠵᠧᠯᠧᠨ ᠳᠡᠯᠡᠬᠡᠢ ᠶᠢᠨ ᠪᠥᠮᠪᠥᠷᠴᠡᠭ ᠢ ᠲᠣᠭᠤᠷᠢᠵᠤ ᠠᠶᠠᠯᠠᠬᠤ ᠳᠤ 5 ᠣᠩᠭᠤᠴᠠ᠂ 265 ᠬᠥᠮᠥᠨ ᠲᠠᠢ ᠪᠦᠯᠦᠭᠡ᠃ ᠵᠠᠮᠨᠠᠭᠰᠠᠨ ᠵᠠᠮ ᠤᠨ ᠬᠤᠪᠢ ᠳᠤ ᠵᠧᠩ ᠾᠧ ᠵᠡᠭᠦᠨ ᠡᠮᠦᠨᠡᠲᠦ ᠠᠽᠢᠶ᠎ᠠ᠂ ᠪᠠᠷᠠᠭᠤᠨ ᠠᠽᠢᠶ᠎ᠠ ᠪᠠᠷ ᠵᠡᠭᠦᠨ ᠠᠹᠧᠷᠢᠺᠠ ᠳᠤ ᠬᠦᠷᠴᠡᠢ᠂ ᠺᠣᠯᠤᠮᠪᠤ ᠠᠳ᠋ᠯᠠᠨᠲ ᠲᠠᠯᠠᠢ ᠶᠢ ᠲᠣᠭᠤᠯᠣᠨ ᠲᠣᠮᠳᠠᠳᠣ ᠠᠮᠧᠷᠢᠺᠠ ᠲᠢᠪ ᠲᠤ ᠯᠨ ᠬᠦᠷᠪᠡ᠂ ᠳ᠋᠊ · ᠭᠠᠮᠨ ᠠᠹᠧᠷᠢᠺᠠ ᠪᠠᠷ ᠡᠨᠡᠳᠬᠡᠭ ᠲᠤ ᠬᠦᠷᠴᠡᠢ᠂ ᠮᠠᠵᠧᠯᠧᠨ ᠨᠢᠭᠡ ᠯᠨ ᠤᠳᠠᠭ᠎ᠠ ᠳᠡᠯᠡᠬᠡᠢ ᠶᠢᠨ ᠪᠥᠮᠪᠥᠷᠴᠡᠭ ᠢ ᠲᠣᠭᠤᠷᠢᠵᠤ ᠠᠶᠠᠯᠠᠭᠠᠳ ᠹᠢᠯᠢᠫᠢᠨ ᠤᠯᠤᠰ ᠲᠤ ᠬᠦᠷᠴᠦ᠂ ᠲᠤᠬᠠᠢ ᠶᠢᠨ ᠨᠤᠲᠤᠭ ᠤᠨ ᠪᠤᠯᠢᠶᠠᠯᠳᠤᠭᠠᠨ ᠳᠤ ᠣᠷᠣᠯᠴᠠᠬᠰᠠᠨ ᠤ ᠡᠷᠬᠡ ᠪᠠᠷ ᠠᠷᠠᠯ ᠤᠨ ᠰᠠᠭᠤᠭᠠᠯᠢ ᠳᠤ ᠠᠯᠠᠭᠳᠠᠯᠤᠭ᠎ᠠ᠃ ᠵᠧᠩ ᠾᠧ 28 ᠵᠢᠯ ᠳᠤ 7 ᠤᠳᠠᠭ᠎ᠠ᠂ 10 ᠲᠦᠮᠡᠨ ᠺᠢᠯᠣᠮᠧᠳ᠋ᠷ ᠪᠠᠶᠢᠵᠤ᠂ ᠳᠡᠯᠡᠬᠡᠢ ᠶᠢᠨ ᠪᠥᠮᠪᠥᠷᠴᠡᠭ ᠢ ᠭᠤᠷᠪᠠ ᠣᠷᠢᠶᠠᠭᠰᠠᠨ  ᠠᠴᠠ ᠪᠠᠰᠠ ᠢᠯᠡᠭᠦᠦ᠃ ᠵᠧᠩ ᠾᠧ ᠶᠢᠨ ᠲᠠᠯᠠᠢ ᠶᠢᠨ ᠠᠶᠠᠯᠠᠯ ᠡᠮᠦᠨᠡᠲᠦ ᠲᠠᠯᠠᠢ ᠶᠢᠨ ᠠᠷᠠᠯ ᠣᠯᠲᠣᠷᠢᠭ ᠤᠨ ᠭᠤᠣᠯ ᠤᠯᠤᠰ ᠲᠡᠳᠦᠢ ᠦᠭᠡᠢ᠂ ᠠᠹᠧᠷᠢᠺᠠ ᠲᠢᠪ ᠤᠨ ᠵᠡᠭᠦᠨ ᠡᠷᠭᠢ ᠬᠦᠷᠴᠦ᠂ 30 ᠢᠯᠡᠭᠦᠦ ᠤᠯᠤᠰ ᠢᠶᠠᠷ ᠶᠠᠪᠤᠪᠠᠢ᠃ ᠵᠧᠩ ᠾᠧ ᠶᠢᠨ ᠴᠠᠭ ᠦᠶ᠎ᠡ ᠳᠤ ᠺᠣᠫᠧᠷᠨᠢᠺ ᠤᠨ ︽ᠨᠠᠷᠨ ᠪᠠᠷ ᠲᠥᠪ ᠪᠣᠯᠭᠠᠬᠤ ᠰᠤᠷᠭᠠᠯ︾ ᠠᠯᠠᠭ᠎ᠠ᠂ ᠳᠡᠯᠡᠬᠡᠢ ᠶᠢᠨ ᠪᠥᠮᠪᠥᠷᠴᠡᠭ ᠤᠨ ᠵᠠᠭᠪᠤᠷ ᠴᠦ ᠠᠯᠠᠭ᠎ᠠ᠂ ᠤᠷᠲᠤᠷᠢᠭ ᠥᠷᠭᠡᠷᠢᠭ ᠢ ᠬᠡᠮᠵᠢᠬᠦ ᠠᠷᠭ᠎ᠠ ᠶᠢ ᠨᠡᠩ ᠬᠡᠯᠡᠬᠦ ᠶᠠᠭᠤᠨ︖ ᠵᠧᠩ ᠾᠧ ᠶᠢᠨ ᠣᠩᠭᠤᠴᠠᠲᠤ ᠠᠩᠭᠢ ᠭᠠᠵᠠᠷ ᠵᠦᠢ ᠶᠢᠨ ᠲᠠᠯᠠᠢ ᠶᠢᠨ ᠠᠶᠠᠯᠠᠯ᠂ ᠣᠳᠣᠨ ᠣᠷᠣᠨ ᠤ ᠲᠠᠯᠠᠢ ᠶᠢᠨ ᠠᠶᠠᠯᠠᠯ᠂ ᠵᠦᠭᠯᠡᠭᠦᠷ᠂ ᠠᠶᠠᠯᠠᠯ ᠤᠨ ᠵᠠᠮ ᠢᠶᠠᠨ ᠬᠡᠮᠵᠢᠬᠦ ᠵᠡᠷᠭᠡ ᠮᠡᠷᠭᠡᠵᠢᠯ ᠢ ᠤᠶᠠᠯᠳᠤᠭᠤᠯᠤᠨ ᠬᠥᠮᠥᠨ ᠲᠥᠷᠥᠯᠬᠢᠲᠡᠨ ᠤ ᠲᠠᠯᠠᠢ ᠶᠢᠨ ᠠᠶᠠᠯᠠᠯ ᠤᠨ ᠮᠡᠷᠭᠡᠵᠢᠯ ᠢ ᠰᠢᠨ᠎ᠡ ᠣᠷᠬᠢᠯ ᠳᠤ ᠬᠦᠷᠭᠡᠭᠰᠡᠨ ᠲᠡᠳᠦᠢ ᠦᠭᠡᠢ ᠳᠡᠯᠡᠬᠡᠢ ᠳᠡᠭᠡᠷᠡᠬᠢ ᠬᠠᠮᠤᠭ ᠡᠷᠲᠡᠨ ᠤ ᠲᠠᠯᠠᠢ ᠶᠢᠨ ᠠᠶᠠᠯᠠᠯ ᠤᠨ ᠵᠢᠷᠤᠭ ᠪᠣᠯᠬᠤ ︽ᠵᠧᠩ ᠾᠧ ᠶᠢᠨ ᠲᠠᠯᠠᠢ ᠶᠢᠨ ᠠᠶᠠᠯᠠᠯ  ᠤᠨ ᠵᠢᠷᠤᠭ︾ ᠢ ᠵᠢᠷᠤᠪᠠᠢ᠃ ᠡᠨᠡ ᠪᠣᠯ ᠮᠠᠨ ᠤ ᠤᠯᠤᠰ ᠤᠨ ᠬᠠᠮᠤᠭ ᠡᠷᠲᠡᠨ ᠤ ᠲᠠᠯᠠᠢ ᠶᠢᠨ ᠵᠢᠷᠤᠭ᠂ ᠳᠡᠯᠡᠬᠡᠢ  ᠶᠢᠨ ᠬᠡᠪᠴᠢᠶ᠎ᠡ ᠠᠴᠠ ᠶᠠᠷᠢᠬᠤ ᠳᠤ ᠴᠦ ᠳᠡᠯᠡᠬᠡᠢ ᠶᠢᠨ ᠠᠩᠬᠠᠳᠠᠭᠴᠢ ᠲᠠᠯᠠᠢ ᠶᠢᠨ ᠵᠢᠷᠤᠭ ᠤᠨ ᠴᠤᠭᠯᠠᠷᠠᠯ ᠭᠡᠭᠳᠡᠬᠦ ᠬᠤᠯᠯᠠᠨᠳ᠋ ᠤᠯᠤᠰ ᠤᠨ ᠸᠡᠭᠨᠧᠷ ᠤᠨ ︽ ᠲᠠᠯᠠᠢ ᠶᠢᠨ ᠠᠶᠠᠯᠠᠯ ᠤᠨ ᠬᠡᠬᠡᠨ ᠲᠣᠯᠢ︾ ᠠᠴᠠ ᠬᠡᠴᠢᠨᠡᠨ ᠵᠢᠯ ᠡᠷᠲᠡ ᠪᠠᠶᠢᠵᠤ᠂ ᠳᠡᠯᠡᠬᠡᠢ ᠶᠢᠨ ᠭᠠᠵᠠᠷ ᠤᠨ ᠵᠢᠷᠤᠭ ᠤᠨ ᠬᠥᠭᠵᠢᠯᠲᠡ ᠳᠤ ᠬᠡᠷᠡᠯ ᠰᠠᠴᠤᠷᠠᠩᠭᠤᠢ ᠪᠠᠶᠢᠷᠢ ᠶᠢ ᠡᠵᠡᠯᠡᠬᠦ ᠪᠦᠯᠦᠭᠡ᠃           ᠡᠮᠦᠨ᠎ᠡ ᠳᠤᠷᠠᠳᠤᠭᠰᠠᠨ ᠡᠸᠦ᠋ᠷᠦᠫᠡ ᠶᠢᠨ ᠭᠤᠷᠪᠠᠨ ᠲᠠᠯᠠᠢ ᠶᠢᠨ ᠠᠶᠠᠯᠠᠯᠴᠢᠨ ᠤ ᠠᠵᠢᠯᠯᠠᠭ᠎ᠠ ᠶᠢ ᠬᠠᠮᠲᠤ ᠳᠤᠨᠢ ︽ᠭᠠᠵᠠᠷ ᠵᠦᠢ ᠶᠢᠨ ᠲᠣᠮᠣ ᠢᠯᠡᠷᠡᠭᠦᠯᠦᠯ︾ ᠭᠡᠵᠦ ᠬᠡᠯᠡᠳᠡᠭ᠃ ᠭᠠᠵᠠᠷ ᠵᠦᠢ ᠶᠢᠨ ᠢᠯᠡᠷᠡᠭᠦᠯᠦᠯᠲᠡ ᠪᠠᠷ ᠲᠠᠮᠵᠢᠨ ᠪᠠᠷᠠᠭᠤᠨ ᠡᠸᠦ᠋ᠷᠦᠫᠡ ᠶᠢᠨ ᠤᠯᠤᠰ ᠤᠳ ᠭᠠᠳᠠᠭᠠᠳᠤ ᠠᠴᠠ ᠶᠡᠭᠡ ᠬᠡᠮᠵᠢᠶᠡᠨ ᠤ ᠡᠳ᠋ ᠪᠠᠶᠠᠯᠢᠭ ᠪᠠ ᠬᠠᠷ᠎ᠠ ᠠᠰᠢᠭ ᠣᠯᠪᠠ᠃ ᠢᠰᠫᠠᠨᠢ ᠶᠢᠨ ᠺᠣᠯᠣᠨᠢᠴᠢᠯᠠᠭᠴᠢᠳ ᠯᠠᠲ᠋ᠢᠨ ᠠᠮᠧᠷᠢᠺᠠ ᠲᠢᠪ ᠢ 3 ᠵᠠᠭᠤᠨ ᠡᠵᠡᠷᠬᠡᠵᠦ᠂ ᠤᠤᠭᠠᠯ ᠢᠷᠭᠡᠳ  ᠢ ᠬᠠᠷᠭᠢᠰ ᠬᠡᠷᠴᠡᠭᠡᠢ᠂ ᠬᠠᠷ᠎ᠠ ᠬᠤᠣᠷᠠᠳᠠᠢ ᠪᠠᠷ ᠬᠥᠨᠥᠭᠡᠬᠦ ᠪᠠ ᠪᠣᠭᠤᠯᠴᠢᠯᠠᠵᠤ᠂ 2500 ᠲᠦᠮᠡᠨ ᠢᠨᠳᠢᠶᠠᠨᠴᠤᠳ  ᠢ ᠬᠤᠷᠣᠭᠠᠵᠤ᠂ 250 ᠲᠦᠮᠡᠨ ᠺᠢᠯᠦᠭᠷᠠᠮ ᠰᠢᠵᠢᠷ ᠠᠯᠳᠠ ᠪᠠ ᠳ᠋ᠦᠡᠭᠰᠢᠭᠤᠷ ᠲᠣᠨ ᠮᠥᠩᠭᠦ ᠲᠣᠨᠣᠪᠠᠢ᠃ ᠫᠣᠷᠲ᠋ᠦ᠋ᠭᠠᠯ ᠤᠨ ᠺᠣᠯᠣᠨᠢᠴᠢᠠᠯᠬᠴᠢᠳ ᠪᠷᠠᠽᠢᠯ ᠠᠴᠠ 6 ᠳ᠋ᠦᠡᠭᠰᠢᠭᠤᠷ ᠳ᠋ᠣᠯᠯᠠᠷ ᠤᠨ ᠰᠢᠵᠢᠷ ᠠᠯᠳᠠ ᠪᠠ 3 ᠳ᠋ᠦᠡᠭᠰᠢᠭᠤᠷ ᠳ᠋ᠣᠯᠯᠠᠷ ᠤᠨ ᠠᠯᠠᠮᠠᠰ ᠠᠪᠠᠴᠢᠵᠠᠢ᠃ 15 ᠳ᠋ᠤᠭᠠᠷ ᠵᠠᠭᠤᠨ ᠤ ᠳᠤᠮᠳᠠᠴᠢ ᠳᠤ ᠫᠣᠷᠲ᠋ᠦ᠋ᠭᠠᠯᠴᠣᠳ ᠠᠹᠧᠷᠢᠺᠠ ᠲᠢᠪ ᠤᠨ ᠪᠠᠷᠠᠭᠤᠨ ᠲᠠᠯᠠᠢ ᠶᠢᠨ ᠡᠷᠭᠢ ᠠᠴᠠ ᠪᠣᠭᠤᠯᠴᠤᠳ ᠢ ᠪᠤᠯᠢᠶᠠᠬᠤ ᠪᠠ ᠬᠤᠳᠠᠯᠳᠤᠨ ᠠᠪᠴᠤ ᠤᠯᠤᠰ ᠲᠠᠭᠠᠨ ᠠᠪᠠᠴᠢᠵᠤ ᠠᠷᠠᠯᠵᠢᠶᠠᠯᠠᠨ᠂ ᠴᠥᠭᠡᠩᠬᠢ ᠨᠢ ᠪᠠᠶᠠᠨ ᠠᠶᠢᠯ ᠳᠤ ᠵᠠᠷᠤᠴᠠᠯᠠᠭᠳᠠᠨ᠂ ᠣᠯᠠᠩᠬᠢ ᠨᠢ ᠠᠳ᠋ᠯᠠᠨᠲ ᠲᠠᠯᠠᠢ ᠶᠢᠨ ᠡᠵᠡᠯᠡᠭᠳᠡᠭᠰᠡᠨ ᠠᠷᠠᠯ ᠬᠤᠶᠢᠭ ᠢᠶᠠᠷ ᠠᠭᠤᠷᠬᠠᠢ ᠨᠡᠭᠡᠭᠡᠬᠦ᠂ ᠲᠠᠷᠢᠵᠣ ᠠᠷᠠᠴᠢᠯᠠᠬᠤ ᠵᠡᠷᠭᠡ ᠬᠠᠷ᠎ᠠ ᠠᠵᠢᠯ ᠳᠤ ᠪᠠᠷᠢᠭᠳᠠᠪᠠ᠃ ᠠᠹᠧᠷᠢᠺᠠ᠂ ᠯᠠᠲ᠋ᠢᠨ ᠠᠮᠧᠷᠢᠺᠠ ᠲᠢᠪ ᠲᠤ ᠪᠠᠷᠠᠭᠤᠨ ᠡᠸᠦ᠋ᠷᠦᠫᠡᠴᠦᠳ ᠰᠣᠬᠤᠷ ᠵᠣᠭᠤᠰᠤᠨ ᠤ ᠦᠨ᠎ᠡ ᠦᠭᠡᠢ ᠰᠢᠯ ᠪᠥᠮᠪᠦᠭᠡ᠂ ᠲᠣᠯᠢ᠂ ᠭᠥᠨᠵᠢᠭᠦᠷ᠂ ᠲᠣᠪᠴᠢ ᠵᠡᠷᠭᠡ ᠪᠠᠷ ᠲᠡᠨᠳᠡᠬᠢ ᠦᠨ᠎ᠡ ᠪᠡᠨ᠎ᠡ  ᠲᠠᠢ ᠬᠢᠷᠢᠰ ᠤᠨ ᠡᠪᠡᠷ᠂ ᠵᠠᠭᠠᠨ ᠤ ᠰᠣᠶᠤᠭ᠎ᠠ᠂ ᠰᠢᠵᠢᠷ ᠠᠯᠳᠠ᠂ ᠮᠥᠩᠭᠦ᠂ ᠪᠣᠭᠤᠯᠴᠤᠳ ᠢ ᠰᠣᠯᠢᠳᠠᠭ᠂ ᠢᠩᠭᠢᠵᠦ ᠠᠳᠠᠯᠢ ᠪᠤᠰᠤ ᠦᠨ᠎ᠡ ᠲᠠᠢ ᠪᠣᠳᠠᠰ ᠤᠨ ᠰᠣᠯᠢᠯᠴᠠᠭ᠎ᠠ ᠳᠤᠮᠳᠠ ᠠᠴᠠ ᠬᠠᠷ᠎ᠠ ᠠᠰᠢᠭ ᠣᠯᠬᠤ ᠨᠢ ᠣᠳᠣ  ᠶᠢᠨ ᠦᠭᠡ ᠪᠠᠷ ᠬᠡᠯᠡᠪᠡᠯ ᠬᠥᠮᠥᠨ ᠴᠢᠨᠠᠷ ᠢᠶᠠᠨ ᠠᠯᠳᠠᠭᠰᠠᠨ ᠬᠤᠳᠠᠯᠳᠤᠭᠠᠨ ᠤ ᠮᠡᠬᠡᠯᠡᠯ ᠪᠠᠶᠢᠯᠤᠭ᠎ᠠ᠃           ᠳᠡᠯᠡᠬᠡᠢ ᠳᠡᠭᠡᠷ᠎ᠡ ᠲᠠᠯᠠᠢ ᠶᠢᠨ ᠠᠶᠠᠯᠠᠯ ᠢ ᠶᠡᠷᠦ ᠨᠢ ᠪᠠᠷᠳᠠᠭ᠎ᠠ ᠰᠢᠨᠵᠢᠯᠡᠬᠦ᠂ ᠡᠷᠬᠡᠰᠢᠶᠡᠬᠦ᠂ ᠪᠤᠯᠢᠶᠠᠨ ᠳᠡᠭᠡᠷᠡᠮᠳᠡᠬᠦ  ᠲᠠᠢ ᠬᠤᠯᠪᠣᠵᠤ ᠶᠠᠷᠢᠳᠠᠭ᠂ ᠭᠡᠲᠡᠯ᠎ᠡ ᠵᠧᠩ ᠾᠧ ᠶᠢᠨ ᠲᠠᠯᠠᠢ ᠶᠢᠨ ᠠᠶᠠᠯᠠᠯ ᠨᠢ ᠪᠠᠯᠠᠮᠠᠳ ᠡᠷᠬᠡᠰᠢᠶᠡᠯ᠂ ᠪᠤᠯᠢᠶᠠᠨ ᠳᠡᠭᠡᠷᠡᠮᠳᠡᠯᠭᠡ ᠪᠢᠰᠢ ᠮᠥᠷᠲᠡᠭᠡᠨ ᠴᠢᠰᠤᠲᠤ ᠲᠠᠮᠤᠯᠠᠯ ᠪᠠ ᠠᠯᠠᠯᠭ᠎ᠠ ᠬᠢᠳᠤᠯᠭ᠎ᠠ ᠴᠦ ᠠᠯᠠᠭ᠎ᠠ ᠶᠤᠮ᠃ ᠪᠤᠰᠤᠳ ᠤᠨ ᠡᠳ᠋ ᠬᠥᠷᠥᠩᠭᠡ ᠶᠢ ᠶᠡᠷᠦ ᠠᠴᠠ ᠳᠡᠭᠡᠷᠡᠮᠳᠡᠭᠡ ᠦᠭᠡᠢ᠂ ᠪᠤᠰᠤᠳ ᠤᠯᠤᠰ ᠤᠨ ᠨᠤᠲᠤᠭ ᠳᠡᠪᠢᠰᠬᠡᠷ ᠢ ᠰᠥᠭᠦᠮ ᠲᠡᠳᠦᠢ ᠡᠵᠡᠯᠡᠭᠡ ᠦᠭᠡᠢ᠂ ᠬᠡᠮ ᠦᠭᠡᠢ ᠢᠷᠭᠡᠳ ᠢ ᠦᠰᠣᠨ ᠲᠡᠳᠦᠢ ᠬᠥᠨᠥᠭᠡᠭᠡ ᠦᠭᠡᠢ ᠶᠤᠮ᠃ 15 ᠳ᠋ᠤᠭᠠᠷ ᠵᠠᠭᠤᠨ ᠤ ᠲᠣᠮᠳᠠᠳᠣ ᠤᠯᠤᠰ ᠨᠤᠲᠤᠭ ᠳᠡᠪᠢᠰᠬᠡᠷ ᠥᠷᠭᠡᠨ ᠠᠭᠤᠳᠠᠮ᠂ ᠬᠥᠮᠥᠨ ᠪᠦᠯᠢ ᠣᠯᠠᠨ᠂ ᠤᠯᠤᠰ ᠬᠦᠴᠦᠷᠬᠡᠭ᠂ ᠠᠽᠢᠶ᠎ᠠ ᠲᠢᠪ ᠢ ᠪᠠᠶᠢᠴᠢᠬ᠎ᠠ᠂ ᠪᠦᠬᠦ ᠳᠡᠯᠡᠬᠡᠢ ᠳᠤ ᠴᠦ ᠭᠠᠷ ᠤᠨ ᠲᠠᠪᠤᠨ ᠬᠤᠷᠤᠭᠤᠨ ᠳᠤ ᠪᠠᠭᠲᠠᠬᠤ ᠤᠯᠤᠰ ᠪᠠᠶᠢᠯ᠎ᠠ᠃ ᠭᠠᠳᠠᠭᠠᠳᠤ ᠠᠴᠠ ᠰᠢᠨ᠎ᠡ ᠭᠠᠵᠠᠷ ᠰᠢᠷᠣᠢ ᠣᠯᠬᠤ᠂ ᠬᠢᠯᠢ ᠬᠢᠵᠠᠭᠠᠷ ᠢᠶᠠᠨ ᠥᠷᠭᠡᠳᠬᠡᠬᠦ ᠱᠠᠭᠠᠷᠳᠠᠯᠭ᠎ᠠ ᠠᠯᠠᠭ᠎ᠠ᠂ ᠨᠡᠩ ᠴᠦ ᠠᠯᠤᠰ ᠬᠤᠯᠨ ᠲᠠᠯᠠᠢ ᠲᠠᠮᠵᠢᠨ ᠰᠢᠵᠢᠷ ᠠᠯᠳᠠ᠂ ᠴᠠᠭᠠᠨ ᠮᠥᠩᠭᠦ ᠡᠷᠢᠬᠦ ᠱᠠᠭᠠᠷᠳᠠᠯᠭ᠎ᠠ ᠦᠭᠡᠢ᠃ ᠮᠢᠩ ᠤᠯᠤᠰ ᠵᠧᠩ ᠾᠧ ᠶᠢ ᠠᠳ᠋ᠯᠠᠨᠲ ᠲᠠᠯᠠᠢ ᠳᠤ ᠲᠣᠮᠢᠯᠠᠭᠰᠠᠨ ᠤ ᠤᠭ ᠵᠣᠷᠢᠯᠭ᠎ᠠ ᠪᠣᠯ ᠳᠡᠯᠡᠬᠡᠢ ᠶᠢᠨ ᠡᠯ᠎ᠡ ᠤᠯᠤᠰ ᠯᠤᠭ᠎ᠠ ᠡᠩᠬᠡ ᠲᠠᠶᠢᠪᠤᠩ᠂ ᠨᠦᠬᠦᠷᠰᠡᠭ ᠢᠶᠠᠷ ᠨᠥᠬᠦᠷᠯᠡᠯ ᠢᠶᠠᠨ ᠪᠠᠲᠤᠳᠬᠠᠵᠤ᠂ ᠨᠡᠭᠡᠭᠡᠭᠳᠡᠭᠡ ᠦᠭᠡᠢ ᠭᠠᠳᠠᠭᠠᠳᠤ ᠠᠷᠠᠯᠵᠢᠶ᠎ᠠ ᠶᠢ ᠨᠠᠪᠲᠠᠷᠡᠭᠦᠯᠵᠦ᠂ ᠰᠣᠶᠣᠯ ᠢᠶᠠᠨ ᠰᠣᠯᠢᠯᠴᠠᠬᠤ᠂ ᠲᠡᠭᠷᠢ ᠶᠢ ᠰᠢᠨᠵᠢᠵᠦ ᠭᠠᠵᠠᠷ ᠢ ᠬᠡᠮᠵᠢᠨ ᠲᠠᠯᠠᠢ ᠶᠢᠨ ᠵᠢᠷᠤᠭ ᠵᠢᠷᠤᠬᠤ᠂ ᠣᠩᠭᠤᠴᠠ ᠦᠢᠯᠡᠳᠦᠨ ᠲᠠᠯᠠᠢ ᠪᠠᠷ ᠠᠶᠠᠯᠠᠵᠤ ᠰᠢᠨᠵᠢᠯᠡᠬᠦ ᠮᠡᠷᠭᠡᠵᠢᠯ ᠢ ᠤᠯᠠᠮᠵᠢᠯᠠᠬᠤ ᠶᠢᠨ ᠳᠠᠭᠠᠤ ᠬᠠᠷᠢᠯᠴᠠᠨ ᠰᠣᠷᠣᠯᠴᠠᠬᠤ ᠶᠠᠪᠤᠳᠠᠯ ᠪᠣᠯᠣᠨ᠎ᠠ᠃           ᠮᠢᠩ ᠤᠯᠤᠰ ᠤᠨ ᠡᠬᠢᠨ ᠤ ᠦᠶ᠎ᠡ ᠳᠤ ᠭᠤᠷᠪᠠᠨ ᠬᠠᠭᠠᠨ ᠰᠣᠯᠢᠬᠳᠠᠬᠠᠰᠠᠨ ᠶᠤᠮ᠂ ᠵᠦ ᠶᠤᠸᠠᠨ ᠵᠠᠩ ᠤᠨ ᠲᠣᠭᠲᠠᠭᠠᠭᠰᠠᠨ ᠡᠩᠬᠡ ᠲᠠᠶᠢᠪᠤᠩ ᠭᠠᠳᠠᠭᠠᠳᠤ ᠬᠠᠷᠢᠯᠴᠠᠭᠠᠨ ᠤ ᠪᠣᠳᠣᠯᠭ᠎ᠠ ᠨᠢ ᠥᠨᠢᠳᠡ ᠪᠠᠶᠠᠰᠬᠤᠯᠠᠩᠲᠤ ᠪᠠ ᠡᠷᠳᠡᠮ ᠢ ᠳᠡᠯᠭᠡᠷᠡᠭᠦᠯᠬᠦᠢ ᠬᠠᠭᠠᠨ ᠤ ᠦᠶ᠎ᠡ ᠳᠤ ᠤᠯᠠᠮᠵᠢᠯᠠᠭᠳᠠᠨ ᠬᠥᠭᠵᠢᠪᠡ᠃ ᠶᠡᠭᠡ ᠰᠦᠷᠲᠦ ᠶᠢᠨ ᠬᠤᠶᠠᠳᠤᠭᠠᠷ ᠣᠨ ︵1369︶ ᠣᠨ ᠳᠤ ᠵᠦ ᠶᠤᠸᠠᠨ ᠵᠠᠩ ︽ᠬᠠᠭᠠᠨ ᠣᠷᠢᠳᠠᠰ ᠤᠨ ᠰᠤᠷᠭᠠᠯ︾ ᠳᠠᠭᠠᠨ ᠡᠯ᠎ᠡ ᠤᠯᠤᠰ ᠤᠨ ᠠᠷᠠᠳ ᠲᠦᠮᠡᠨ ᠲᠠᠢ ᠡᠩᠬᠡ ᠲᠠᠶᠢᠪᠤᠩ ᠣᠷᠣᠰᠢᠬᠤ ᠪᠣᠳᠣᠯᠭ᠎ᠠ ᠶᠢ ᠭᠠᠳᠠᠭᠠᠳᠤ ᠬᠠᠷᠢᠯᠴᠠᠭᠠᠨ ᠤ ᠰᠠᠭᠤᠷᠢ ᠲᠦᠷᠣ  ᠶᠢᠨ ᠪᠣᠳᠣᠯᠭ᠎ᠠ ᠪᠣᠯᠭᠠᠨ ︽ᠮᠡᠬᠦᠰ ᠪᠢ ᠪᠠᠷ ᠬᠤᠶᠢᠴᠢ ᠦᠶ᠎ᠡ ᠶᠢᠨ ᠬᠥᠪᠡᠭᠦᠨ ᠠᠴᠢᠨᠠᠷ ᠲᠣᠮᠳᠠᠳᠣ ᠤᠯᠤᠰ ᠤᠨ ᠪᠠᠶᠠᠨ ᠬᠦᠴᠦᠷᠬᠡᠭ ᠲᠤᠷ ᠡᠷᠳᠦᠨ᠂ ᠲᠦᠷ ᠵᠠᠭᠤᠷ᠎ᠠ ᠶᠢᠨ ᠴᠡᠷᠢᠭ ᠲᠠᠶᠢᠨ ᠤ ᠭᠠᠪᠢᠶ᠎ᠠ ᠠᠯᠳᠠᠷ ᠲᠤᠷ ᠰᠢᠨᠤᠬᠠᠶᠢᠷᠠᠵᠤ᠂ ᠳᠠᠶᠢᠰᠤᠨ ᠠᠯᠠᠭ᠎ᠠ ᠠᠳᠠᠯ᠎ᠠ ᠴᠡᠷᠢᠭ ᠬᠥᠳᠡᠯᠭᠡᠨ᠂ ᠤᠯᠤᠰ ᠢᠷᠬᠡᠨ ᠢ ᠵᠣᠪᠠᠯᠠᠩ ᠬᠥᠨᠥᠭᠡᠯ ᠳᠤᠷ ᠲᠤᠯᠭᠠᠷᠠᠭᠤᠯᠬᠤ ᠪᠣᠯᠣᠭᠤᠵᠠᠢ ᠬᠡᠮᠡᠨ ᠡᠭᠡᠨᠡᠭᠲᠡ ᠡᠮᠢᠶᠡᠵᠦ ᠪᠠᠶᠢᠯᠤᠭ᠎ᠠ᠃ ᠡᠶᠢᠨ ᠮᠡᠲᠦ ᠬᠡᠷᠡᠭ ᠦᠢᠯᠨ ᠶᠢ ᠬᠡᠷᠬᠢᠪᠡᠴᠦ ᠦᠯᠣ ᠵᠥᠪᠰᠢᠶᠡᠮᠦᠢ ᠬᠡᠮᠡᠬᠦᠨ ᠢ ᠪᠠᠲᠤ ᠴᠡᠭᠡᠵᠢᠯᠡᠭᠲᠦᠨ︾ ᠬᠡᠮᠡᠪᠡᠢ᠃ ᠡᠭᠦᠨ ᠤ ᠬᠠᠮᠲᠤ ᠲᠣᠮᠳᠠᠳᠣ ᠤᠯᠤᠰ ᠪᠠ ᠬᠠᠵᠠᠭᠤ ᠬᠠᠪᠢ ᠶᠢᠨ 15 ᠤᠯᠤᠰ ᠢ ᠨᠦᠬᠦᠷᠰᠡᠭ ᠬᠥᠷᠰᠢ ᠪᠣᠯᠭᠠᠵᠣ᠂ ᠦᠯᠣ ᠳᠠᠶᠢᠯᠠᠬᠤ ᠤᠯᠤᠰ ᠬᠡᠮᠡᠯᠦᠭᠡ᠃ ᠵᠦ ᠳ᠋ᠢ ︽ᠵᠢᠩ ᠨᠠᠨ ᠤ ᠪᠠᠶᠢᠯᠳᠤᠭᠠᠨ︾ ᠢᠶᠠᠷ ᠲᠠᠮᠵᠢᠨ ᠤᠳᠬ᠎ᠠ ᠬᠥᠭᠵᠢᠩᠭᠦᠢ ᠶᠢᠨ ᠳᠥᠷᠪᠡᠳᠦᠭᠡᠷ ᠣᠨ ︵1402︶ ᠳᠤ ᠬᠠᠭᠠᠨ ᠰᠠᠭᠤᠷᠢᠨ ᠳᠤ ᠰᠠᠭᠤᠵᠤ᠂ ᠲᠠᠷᠠᠭ᠎ᠠ ᠵᠢᠯ ᠨᠢ ᠣᠨ ᠤ ᠴᠣᠯᠠ ᠪᠠᠨ ᠥᠨᠢᠳᠡ ᠪᠠᠶᠠᠰᠬᠤᠯᠠᠩᠲᠤ ᠬᠡᠮᠡᠵᠦ᠂ ︽ᠲᠦᠷᠪᠡᠨ ᠵᠦᠭ ᠤᠨ ᠬᠠᠷᠢᠴᠤᠳ ᠡᠶᠡᠳᠡᠪᠡᠰᠦ᠂ ᠲᠣᠮᠳᠠᠳᠣ ᠤᠯᠤᠰ ᠠᠮᠤᠭᠤᠯᠠᠩ ᠪᠣᠯᠣᠮᠤᠢ︾᠂ ︽ᠡᠶᠢᠨ ᠬᠦ ᠳᠣᠲᠣᠭᠠᠳᠤ ᠳᠤᠷ ᠲᠣᠳᠣᠷᠠᠳᠣ ᠣᠷᠣᠨ ᠢᠶᠠᠨ ᠲᠣᠭᠲᠠᠭᠠᠵᠤ ᠠᠮᠤᠷᠵᠢᠭᠤᠯᠤᠨ᠂ ᠭᠠᠳᠠᠭᠠᠳᠤ ᠳᠤᠷ ᠲᠦᠷᠪᠡᠨ ᠵᠦᠭ  ᠤᠨ ᠬᠠᠷᠢᠴᠤᠳ ᠢ ᠢᠯᠪᠢᠨ ᠲᠣᠬᠤᠨᠢᠭᠤᠯᠵᠤ᠂ ᠢᠵᠢᠯᠢᠰᠢᠨ ᠣᠷᠣᠰᠢᠵᠤ ᠲᠡᠭᠰᠢ ᠪᠠᠷ ᠬᠠᠨᠳᠤᠨ᠂ ᠬᠤᠲᠠᠯᠠ ᠪᠦᠭᠦᠳᠡᠭᠡᠷ ᠴᠡᠴᠡᠭᠯᠡᠨ ᠬᠥᠭᠵᠢᠰᠦᠭᠡᠢ︾ ᠬᠡᠮᠡᠬᠦᠢ ᠭᠠᠳᠠᠭᠠᠳᠤ ᠲᠠᠢ ᠶᠠᠪᠤᠯᠴᠠᠬᠤ ᠨᠦᠬᠦᠷᠰᠡᠭ ᠪᠣᠳᠣᠯᠭ᠎ᠠ ᠳᠤᠷᠠᠳᠪᠠᠢ᠃ ᠵᠧᠩ ᠾᠧ ᠠᠳ᠋ᠯᠠᠨᠲ ᠲᠠᠯᠠᠢ ᠪᠠᠷ ᠠᠶᠠᠯᠠᠭᠰᠠᠨ ᠨᠢ ︽ᠡᠵᠡᠨ ᠬᠥᠮᠥᠨ ᠪᠠᠷ ᠲᠡᠭᠷᠢ ᠶᠢᠨ ᠲᠣᠣᠷᠠᠬᠢᠨ ᠢ ᠡᠵᠡᠮᠳᠡᠬᠦᠢ ᠠᠨᠤ ᠡᠨᠡᠷᠢᠯ ᠢᠪᠡᠭᠡᠬᠦ ᠥᠷᠥᠰᠢᠶᠡᠯ ᠦᠭᠯᠢᠬᠡᠬᠦᠢ ᠳᠤᠷ ᠠᠮᠣᠢ︾᠂ ︽ᠥᠨᠥᠴᠢᠨ ᠭᠠᠭᠴᠠ ᠶᠢ ᠳᠠᠷᠤᠯᠠᠬᠤ ᠶᠢ ᠴᠡᠭᠡᠷᠯᠡᠨ᠂ ᠦᠭᠡᠶᠢᠭᠦᠦ ᠪᠠᠭᠤᠷᠠᠢ ᠶᠢ ᠳᠣᠷᠣᠮᠵᠢᠯᠠᠬᠤ ᠶᠢ ᠲᠡᠪᠴᠢᠵᠦ᠂ ᠲᠠᠶᠢᠪᠤᠩ ᠴᠠᠭ ᠤᠨ ᠪᠤᠶᠠᠨ  ᠢ ᠬᠠᠮᠲᠤᠳᠠ ᠡᠳ᠋ᠯᠡᠰᠦᠭᠡᠢ︾ ᠬᠡᠮᠡᠬᠦ ᠲᠡᠭᠷᠢ ᠶᠢᠨ ᠵᠠᠷᠯᠢᠭ ᠢ ᠵᠢᠷᠤᠮᠯᠠᠪᠠ᠂ ᠡᠨᠡ ᠲᠡᠭᠷᠢ ᠶᠢᠨ ᠵᠠᠷᠯᠢᠭ ᠤᠨ ᠰᠡᠷᠡᠮᠵᠢ  ᠶᠢᠨ ᠵᠠᠭᠠᠭ ᠲᠠᠯᠠᠢ ᠶᠢᠨ ᠠᠶᠠᠯᠠᠯ ᠤᠨ ᠪᠦᠬᠦ ᠶᠠᠪᠤᠴᠠ ᠳᠤ ᠲᠤᠤᠱᠯᠠᠭᠳᠠᠭᠰᠠᠨ ᠪᠣᠯᠬᠤ ᠠᠴᠠ ᠣᠩᠭᠤᠴᠠᠲᠤ ᠠᠩᠭᠢ ᠬᠦᠷᠦᠭᠰᠡᠨ ᠭᠠᠵᠠᠷ ᠪᠣᠯᠭᠠᠨ ᠳᠤ ᠲᠤᠬᠠᠢ ᠶᠢᠨ ᠨᠤᠲᠤᠭ ᠤᠨ ᠬᠢᠨ ᠤ ᠴᠢᠩ ᠰᠡᠳᠬᠢᠯ ᠤᠨ ᠬᠠᠮᠤᠭ ᠡᠷᠬᠢᠮ ᠬᠦᠨᠳᠦᠳᠬᠡᠯ ᠢ ᠣᠯᠪᠠᠢ᠃              1409 ᠣᠨ ᠤ 12 ᠰᠠᠷ᠎ᠠ ᠳᠤ ᠵᠧᠩ ᠾᠧ ᠠᠳ᠋ᠯᠠᠨᠲ ᠲᠠᠯᠠᠢ ᠪᠠᠷ ᠳᠣᠯᠤᠭᠠᠨᠲᠠ ᠠᠶᠠᠯᠠᠬᠤ ᠳᠤ ᠵᠠᠪᠠᠯ ᠬᠦᠷᠬᠦ ᠶᠣᠰᠣᠲᠠᠢ ᠸᠧᠶᠧᠳ᠋ᠨᠠᠮ ᠤᠨ ᠬᠦᠢ ᠷᠧᠨ ᠭᠠᠷᠠᠮ ᠤᠨ ᠬᠢᠨ ᠵᠧᠩ ᠾᠧ ᠶᠢᠨ ᠣᠩᠭᠤᠴᠠᠲᠤ ᠠᠩᠭᠢ ᠲᠠᠬᠢᠨ ᠬᠦᠷᠴᠦ ᠢᠷᠡᠭᠰᠡᠨ ᠳᠤ ᠠᠬᠠᠯᠠᠭᠴᠢ ᠨᠢ ᠭᠤᠷᠪᠠᠨ ᠰᠠᠭᠤᠳᠠᠯᠲᠤ ᠠᠯᠳᠠᠨ ᠴᠡᠴᠡᠭ ᠤᠨ ᠲᠢᠲᠢᠮ ᠵᠡᠭᠦᠵᠦ᠂ ᠤᠯᠠᠭᠠᠨ ᠨᠣᠭᠤᠭᠠᠨ ᠲᠣᠷᠭ᠎ᠠ ᠲᠣᠷᠳᠣᠩ ᠳᠤᠬᠤᠭᠰᠠᠨ ᠵᠠᠭᠠᠨ ᠣᠨᠣᠵᠣ᠂ ᠠᠷᠤ ᠥᠪᠥᠷ ᠠᠴᠠ ᠪᠠᠨ ᠬᠦᠷᠢᠶᠡᠯᠡᠭᠦᠯᠵᠦ ᠲᠡᠬᠦᠷᠬᠡ ᠶᠢᠨ ᠭᠠᠳᠠᠨ᠎ᠠ ᠠᠴᠠ ᠲᠣᠰᠴᠣ ᠠᠪᠤᠭᠰᠠᠨ ᠪᠥᠭᠡᠳ ᠫᠠᠨ ᠭᠠᠵᠠᠷ ᠤᠨ 500 ᠰᠢᠬᠠᠮ ᠴᠡᠷᠢᠭ ᠬᠤᠷᠴᠠ ᠬᠢᠳᠤᠭ᠎ᠠ᠂ ᠭᠠᠯ ᠫᠤᠤ ᠡᠷᠭᠦᠯᠴᠡᠨ᠂ ᠨᠤᠲᠤᠭ ᠤᠨ ᠪᠥᠵᠢᠭ ᠪᠥᠵᠢᠭᠯᠡᠨ᠂ ᠮᠣᠳᠣᠨ ᠬᠡᠩᠭᠡᠷᠭᠡ ᠳᠡᠯᠡᠳᠴᠦ᠂ ᠨᠠᠷᠭᠢᠯ  ᠤᠨ ᠪᠢᠰᠬᠢᠭᠦᠷ ᠦᠯᠢᠶᠡᠨ᠂ ᠪᠠᠶᠠᠷ ᠤᠨ ᠲᠠᠯᠠᠢ ᠴᠠᠯᠭᠢᠯᠠᠪᠠᠢ᠃ ᠵᠧᠩ ᠾᠧ ᠶᠢ ᠦᠵᠡᠭᠡᠳ ᠠᠬᠠᠯᠠᠭᠴᠢ ᠨᠢ ᠵᠠᠭᠠᠨ  ᠠᠴᠠ ᠪᠠᠨ ᠪᠠᠭᠤᠵᠤ ᠡᠪᠦᠳᠦᠭ ᠨᠤᠭᠤᠯᠤᠨ ᠠᠮᠤᠷ ᠠᠰᠠᠭᠤᠵᠤ᠂ ᠬᠥᠰᠡᠷ ᠡᠯᠢᠬᠡᠳᠡᠨ ᠲᠡᠭᠷᠢ ᠶᠢᠨ ᠢᠪᠡᠭᠡᠯ ᠳᠤᠷ ᠲᠠᠯᠠᠷᠬᠠᠪᠠᠢ᠃           1412 ᠣᠨ᠂ ᠥᠨᠢᠳᠡ ᠪᠠᠶᠠᠰᠬᠤᠯᠠᠩᠲᠤ ᠶᠢᠨ ᠠᠷᠪᠠᠳᠤᠭᠠᠷ ᠣᠨ ᠳᠤ ᠵᠧᠩ ᠾᠧ ᠶᠢᠨ ᠣᠩᠭᠤᠴᠠᠲᠤ ᠠᠩᠭᠢ ᠡᠨᠡᠳᠬᠡᠭ ᠲᠠᠯᠠᠢ ᠶᠢᠨ ᠪᠠᠷᠠᠭᠤᠨ ᠡᠷᠭᠢ ᠶᠢᠨ ᠪᠠᠶᠠᠨ ᠲᠠᠩᠰᠤᠭ ᠨᠦᠬᠦᠷᠰᠡᠭ ᠤᠯᠤᠰ ᠭᠧᠯᠨ ᠳᠤ ᠬᠦᠷᠪᠡᠯ ᠤᠯᠤᠰ ᠤᠨ ᠸᠠᠩ ᠨᠢ ᠡᠳ᠋ ᠡᠷᠳᠡᠨᠢᠰ ᠤᠨ ᠣᠩᠭᠤᠴᠠ ᠤᠳᠠᠬᠤ ᠦᠭᠡᠢ ᠢᠷᠡᠬᠦ ᠶᠢ ᠰᠣᠨᠣᠰᠤᠭᠠᠳ ᠣᠪᠣᠭ ᠤᠨ ᠲᠦᠷᠣᠬᠦᠣ ᠪᠠᠨ ᠲᠣᠮᠢᠯᠠᠵᠤ᠂ ᠬᠡᠭᠡᠨᠴᠢᠷ ᠵᠠᠰᠠᠵᠤ ᠴᠢᠮᠡᠵᠠᠭᠠᠨ᠂ ᠮᠣᠷᠢᠲᠤ ᠡᠩᠨᠡᠭᠡ ᠪᠠᠷ ᠲᠠᠯᠠᠢ ᠶᠢᠨ ᠭᠠᠷᠠᠮ ᠳᠤ ᠢᠷᠡᠵᠣ ᠲᠣᠮᠳᠠᠳᠣ ᠤᠯᠤᠰ ᠤᠨ ᠡᠷᠬᠢᠮ ᠵᠣᠴᠢᠳ ᠢ ᠤᠭᠲᠤᠭᠰᠠᠨ ᠠᠵᠤᠭᠤ᠃ ᠨᠡᠶᠢᠰᠯᠡᠯ ᠬᠤᠲᠠᠨ ᠤ ᠸᠠᠩ ᠤᠨ ᠣᠷᠳᠣᠨ ᠳᠤ ᠬᠦᠷᠪᠡᠯ᠂ ᠤᠯᠤᠰ ᠤᠨ ᠸᠠᠩ ᠪᠠᠷ ᠬᠢᠴᠢᠶᠡᠩᠭᠦᠶᠢᠯᠡᠨ ᠬᠦᠨᠳᠦᠯᠡᠵᠦ ᠮᠥᠷᠭᠦᠨ᠂ ᠵᠠᠷᠯᠢᠭ ᠤᠨ ᠪᠢᠴᠢᠭ ᠢ ᠲᠣᠰᠣᠭᠠᠳ᠂ ᠭᠠᠵᠠᠷ ᠲᠡᠪᠡᠷᠢᠨ ᠰᠥᠭᠦᠳᠴᠦ᠂ ᠭᠠᠯ ᠮᠠᠩᠨᠠᠢ ᠪᠠᠨ ᠭᠠᠵᠠᠷ ᠨᠠᠭᠠᠨ᠂ ᠳᠠᠬᠢᠨᠲᠠ ᠮᠥᠷᠭᠦᠵᠦ ᠬᠠᠭᠠᠨ  ᠳᠤᠷ ᠲᠠᠯᠠᠷᠬᠠᠵᠤ ᠪᠠᠶᠢᠯᠤᠭ᠎ᠠ᠃ ᠵᠧᠩ ᠾᠧ ᠬᠠᠭᠠᠨ ᠤ ᠬᠡᠰᠢᠭ ᠢ ᠤᠩᠰᠢᠵᠤ ᠳᠠᠭᠤᠰᠤᠭᠰᠠᠨ ᠤ ᠲᠠᠷᠠᠭ᠎ᠠ᠂ ᠲᠤᠬᠠᠢ ᠶᠢᠨ ᠨᠤᠲᠤᠭ  ᠤᠨ ᠵᠠᠩᠰᠢᠯ ᠢᠶᠠᠷ ᠣᠷᠳᠣᠨ ᠤ ᠭᠠᠵᠠᠷ᠎ᠠ ᠬᠡᠪᠢᠰ ᠳᠡᠪᠢᠰᠴᠦ᠂ ᠮᠠᠨ ᠤ ᠲᠡᠭᠷᠢ ᠶᠢᠨ ᠡᠯᠴᠢ ᠶᠢ ᠬᠦᠨᠳᠦᠯᠡᠨ ᠬᠦᠯᠢᠶᠡᠨ ᠠᠪᠴᠤ᠂ ᠮᠠᠨ ᠤ ᠵᠠᠩᠵᠤᠨ ᠴᠡᠷᠢᠭ ᠢ ᠬᠤᠷᠢᠮᠯᠠᠨ ᠵᠣᠴᠢᠯᠠᠵᠤ᠂ ᠶᠣᠰᠣᠯᠠᠯ ᠠᠨᠤ ᠲᠣᠩ ᠬᠦᠨᠳᠦ ᠪᠠᠶᠢᠯᠤᠭ᠎ᠠ᠃           ᠵᠧᠩ ᠾᠧ ᠶᠢᠨ ᠲᠠᠯᠠᠢ ᠶᠢᠨ ᠠᠶᠠᠯᠠᠯ ᠤᠨ ᠤᠷᠢᠶᠠᠯᠠᠭ᠎ᠠ ᠳᠣᠣᠷ᠎ᠠ ᠲᠣᠮᠳᠠᠳᠣ ᠤᠯᠤᠰ ᠤᠨ ᠭᠠᠳᠠᠭᠠᠳᠤ ᠳᠠᠬᠢ ᠨᠡᠷ᠎ᠡ ᠬᠦᠨᠳᠦ ᠲᠠᠰᠣᠷᠠᠯ ᠦᠭᠡᠢ ᠮᠠᠨᠳᠤᠨ᠂ ᠳᠡᠯᠡᠬᠡᠢ ᠳ᠋ᠠᠬᠢᠨ ᠳᠤ ︽ᠲᠣᠮᠳᠠᠳᠣ ᠤᠯᠤᠰ ᠤᠨ ᠬᠠᠯᠠᠭᠤᠷᠠᠯ︾ ᠤᠨ ᠳᠠᠪᠠᠯᠭᠠᠨ ᠪᠣᠰᠴᠤ᠂ ᠣᠩᠭᠤᠴᠠᠲᠤ ᠠᠩᠭᠢ ᠬᠦᠷᠦᠭᠰᠡᠨ ᠤᠯᠤᠰ ᠪᠠ ᠭᠠᠵᠠᠷ ᠣᠷᠣᠨ ᠪᠣᠯᠭᠠᠨ ᠪᠠᠷᠤᠭ ᠯᠨ ᠪᠦᠷ ᠡᠯᠴᠢ ᠲᠣᠮᠢᠯᠠᠵᠤ ᠲᠣᠮᠳᠠᠳᠣ ᠤᠯᠤᠰ ᠲᠤ ᠠᠯᠪᠠ ᠪᠠᠷᠢᠵᠠᠢ᠃ ᠪᠦᠷᠢᠨ ᠪᠤᠰᠤ ᠪᠦᠷᠢᠳᠬᠡᠯ ᠢ ᠦᠨᠳᠦᠰᠦᠯᠡᠪᠡᠯ ᠥᠨᠢᠳᠡ ᠪᠠᠶᠠᠰᠬᠤᠯᠠᠩᠲᠤ᠂ ᠡᠷᠳᠡᠮ ᠢ ᠳᠡᠯᠭᠡᠷᠡᠭᠦᠯᠬᠦᠢ ᠣᠨ ᠤ ᠦᠶ᠎ᠡ ᠳᠤ ᠠᠽᠢᠶ᠎ᠠ᠂ ᠠᠹᠧᠷᠢᠺᠠ ᠶᠢᠨ 60 ᠢᠯᠡᠭᠦᠦ ᠤᠯᠤᠰ ᠲᠣᠮᠳᠠᠳᠣ ᠤᠯᠤᠰ ᠲᠤ ᠠᠯᠪᠠ ᠪᠠᠷᠢᠭᠰᠠᠨ ᠪᠤᠶᠤ ᠠᠶᠢᠯᠴᠢᠯᠠᠵᠠᠢ᠂ ᠡᠭᠦᠨ ᠳᠤ 20 ᠰᠢᠬᠠᠮ ᠤᠯᠤᠰ ᠤᠨ ᠸᠠᠩ ᠪᠠᠭᠲᠠᠵᠤ ᠪᠣᠢ᠂ 1411 ᠣᠨ ᠳᠤ ᠮᠠᠯᠠᠺᠠ ᠤᠯᠤᠰ ᠸᠠᠩ ᠪᠠᠶᠢᠮᠢᠰᠣᠷᠨ 540 ᠭᠠᠷᠤᠢ ᠬᠥᠮᠥᠨ ᠲᠠᠢ ᠮᠤᠨᠳᠠᠭ ᠪᠦᠯᠬᠦᠮ ᠳᠠᠭᠠᠭᠤᠯᠵᠤ ᠲᠣᠮᠳᠠᠳᠣ ᠤᠯᠤᠰ ᠲᠤ ᠠᠶᠢᠯᠴᠢᠯᠠᠷ᠎ᠠ ᠢᠷᠡᠪᠡ᠃ 1417 ᠣᠨ ᠳᠤ ᠰᠦᠯᠦᠯᠰ ᠤᠯᠤᠰ ᠳ᠋ᠦᠩ ᠸᠠᠩ᠂ ᠱᠢ ᠸᠠᠩ᠂ ᠲᠦᠡᠭ ᠸᠠᠩ 340 ᠢᠯᠡᠭᠦᠦ ᠬᠥᠮᠥᠨ ᠲᠠᠢ ᠲᠣᠮᠣ ᠪᠦᠯᠬᠦᠮ ᠳᠠᠭᠠᠭᠤᠯᠵᠤ ᠲᠠᠯᠠᠢ ᠶᠢᠨ ᠵᠠᠮ ᠢᠶᠠᠷ ᠠᠶᠢᠯᠴᠢᠯᠠᠵᠤ ᠢᠷᠡᠪᠡ᠃ 1423 ᠣᠨ ᠳᠤ ᠵᠧᠩ ᠾᠧ ᠰᠡᠭᠦᠯᠴᠢ ᠶᠢᠨ ᠤᠳᠠᠭ᠎ᠠ ᠠᠳ᠋ᠯᠠᠨᠲ ᠲᠠᠯᠠᠢ ᠳᠤ ᠠᠶᠠᠯᠠᠭᠠᠳ ᠪᠤᠴᠠᠵᠤ ᠢᠷᠡᠬᠦ ᠦᠶ᠎ᠡ ᠳᠤ ᠵᠡᠭᠦᠨ ᠡᠮᠦᠨᠡᠲᠦ ᠠᠽᠢᠶ᠎ᠠ᠂ ᠡᠮᠦᠨᠡᠲᠦ ᠠᠽᠢᠶ᠎ᠠ᠂ ᠵᠡᠭᠦᠨ ᠠᠹᠧᠷᠢᠺᠠ ᠶᠢᠨ ᠡᠷᠭᠢ ᠳᠠᠭᠠᠤ ᠳᠠᠬᠢ 16 ᠤᠯᠤᠰ 1200 ᠢᠯᠡᠭᠦᠦ ᠬᠥᠮᠥᠨ ᠲᠠᠢ ᠡᠯᠴᠢ ᠲᠣᠮᠢᠯᠠᠵᠤ᠂ ᠲᠣᠮᠳᠠᠳᠣ ᠤᠯᠤᠰ ᠲᠤ ᠠᠯᠪᠠ ᠪᠠᠷᠢᠨ᠂ ︽ᠲᠦᠷᠪᠡᠨ ᠲᠠᠯ᠎ᠠ ᠶᠢᠨ ᠣᠯᠠᠨ ᠤᠯᠤᠰ᠂ ᠶᠢᠰᠦᠨ ᠬᠠᠷᠢ ᠨᠠᠢᠮᠠᠨ ᠨᠠᠩᠭᠢᠶᠠᠳ︾ ᠬᠠᠭᠠᠨ ᠳᠤ ᠢᠷᠡᠵᠣ ᠪᠠᠷᠠᠭᠠᠯᠬᠠᠨ᠂ ᠡᠩᠬᠡ ᠲᠠᠶᠢᠪᠤᠩ ᠭᠠᠳᠠᠭᠠᠳᠤ ᠬᠠᠷᠢᠯᠴᠠᠭᠠᠨ ᠤ ᠬᠠᠯᠠᠭᠤᠨ ᠥᠷᠨᠢᠯᠲᠡ ᠶᠢ ᠣᠷᠬᠢᠯ ᠳᠤᠨᠢ ᠬᠦᠷᠭᠡᠪᠡᠢ᠃ ᠡᠨᠡ ᠪᠠᠶᠢᠳᠠᠯ ᠨᠢ ᠲᠤᠬᠠᠢ ᠶᠢᠨ ᠦᠶ᠎ᠡ ᠶᠢᠨ ᠳᠡᠯᠡᠬᠡᠢ ᠳ᠋ᠠᠬᠢᠨ  ᠳᠤ ᠬᠤᠶᠠᠷ ᠦᠭᠡᠢ ᠪᠥᠭᠡᠳ ᠳᠡᠯᠡᠬᠡᠢ ᠶᠢᠨ ᠡᠷᠲᠡᠨ ᠤ ᠲᠡᠦᠬᠡᠨ ᠳᠤ ᠴᠦ ᠬᠤᠪᠣᠷ ᠲᠣᠬᠢᠶᠠᠯᠳᠤᠬᠤ ᠠᠵᠢ᠃           ᠵᠧᠩ ᠾᠧ ᠲᠣᠯᠤᠭ᠎ᠠ ᠤᠳᠠᠭ᠎ᠠ ᠠᠳ᠋ᠯᠠᠨᠲ ᠶᠢᠨ ᠲᠠᠯᠠᠢ ᠪᠠᠷ ᠠᠶᠠᠯᠠᠵᠤ᠂ ᠠᠽᠢᠶ᠎ᠠ᠂ ᠠᠹᠧᠷᠢᠺᠠ ᠶᠢᠨ 30 ᠢᠯᠡᠭᠦᠦ ᠤᠯᠤᠰ ᠲᠤ ᠬᠦᠷᠦᠭᠰᠡᠨ ᠭᠤᠣᠯ ᠠᠶᠠᠯᠠᠯ ᠤᠨ ᠱᠤᠭᠤᠮ ᠨᠢ 40 ᠢᠯᠡᠭᠦᠦ ᠪᠣᠢ ᠶᠤᠮ᠂ ᠡᠳᠡᠬᠡᠷ ᠠᠶᠠᠯᠠᠯ  ᠤᠨ ᠱᠤᠭᠤᠮ ᠨᠢ ᠬᠥᠨᠳᠡᠯᠡᠨ ᠭᠤᠯᠳᠤ ᠰᠦᠯᠵᠢᠯᠳᠦᠭᠰᠡᠨ ᠵᠠᠮ ᠬᠠᠷᠢᠯᠴᠠᠭᠠᠨ ᠤ ᠭᠠᠷᠠᠮ᠂ ᠭᠠᠳᠠᠭᠠᠳᠤ ᠠᠷᠠᠯᠵᠢᠶᠠᠨ ᠤ ᠲᠥᠪ ᠢ ᠪᠦᠷᠢᠯᠳᠦᠭᠦᠯᠵᠡᠢ᠃ ᠵᠧᠩ ᠾᠧ ᠶᠢᠨ ᠣᠩᠭᠤᠴᠠᠲᠤ ᠠᠩᠭᠢ ᠲᠤᠬᠠᠢ ᠶᠢᠨ ᠦᠶ᠎ᠡ ᠶᠢᠨ ᠰᠢᠨᠵᠢᠯᠡᠬᠦ ᠤᠬᠠᠭᠠᠨ ᠤ ᠠᠭᠤᠯᠬᠤᠨ ᠬᠠᠮᠤᠭ ᠥᠨᠳᠥᠷ᠂ ᠬᠠᠮᠤᠭ ᠲᠠᠪᠰᠢᠬᠰᠠᠨ ᠲᠠᠷᠢᠶᠠᠯᠠᠩ ᠤᠨ ᠪᠦᠲᠦᠭᠡᠭᠳᠡᠬᠦᠨ ᠪᠠ ᠭᠠᠷ ᠦᠢᠯᠡᠳᠬᠡᠯ ᠤᠨ ᠪᠦᠲᠦᠭᠡᠭᠳᠡᠬᠦᠨ ᠢ ᠠᠪᠴᠤ ᠶᠠᠪᠤᠭᠰᠠᠨ ᠶᠤᠮ᠃ ᠭᠠᠳᠠᠭᠠᠳᠤ ᠠᠷᠠᠯᠵᠢᠶᠠᠨ ᠤ ᠬᠡᠯᠪᠡᠷᠢ ᠨᠢ ᠪᠣᠳᠠᠰ ᠢ ᠪᠣᠳᠠᠰ ᠢᠶᠠᠷ ᠰᠣᠯᠢᠬᠤ ᠪᠣᠳᠠᠰ ᠤᠨ ᠰᠣᠯᠢᠯᠴᠠᠭ᠎ᠠ᠂ ᠬᠡᠨ ᠠᠯᠢᠨ ᠳᠠᠭᠠᠨ ᠪᠡᠯᠡᠭᠯᠡᠬᠦ ᠠᠯᠪᠠᠨ ᠤ ᠲᠠᠯ᠎ᠠ ᠶᠢᠨ ᠠᠷᠠᠯᠵᠢᠶ᠎ᠠ  ᠠᠴᠠ ᠭᠠᠳᠠᠨ᠎ᠠ ᠤᠯᠤᠰ ᠬᠤᠭᠤᠷᠣᠨᠳᠤ ᠶᠢᠨ ᠠᠯᠪᠠ ᠪᠠᠷᠢᠴᠠ ᠶᠢᠨ ᠠᠷᠠᠯᠵᠢᠶ᠎ᠠ ᠪᠠᠭᠲᠠᠬᠤ ᠪᠦᠯᠦᠭᠡ᠃ ᠵᠧᠩ ᠾᠧ ᠠᠯᠤᠰ ᠲᠠᠯᠠᠢ ᠪᠠᠷ ᠠᠶᠠᠯᠠᠬᠤ ᠳᠠᠭᠠᠨ ᠨᠣᠶᠠᠷᠬᠠᠭᠴᠢ ᠠᠩᠭᠢ ᠶᠢᠨ ᠬᠡᠷᠡᠭᠯᠡᠳᠡᠭ ᠬᠡᠭᠡᠨᠴᠢᠷ ᠡᠳ᠋ ᠶᠢ ᠯᠨ ᠠᠪᠴᠢᠷᠠᠭ᠎ᠠ ᠦᠭᠡᠢ᠂ ᠪᠠᠰᠠ ᠣᠯᠠᠨ ᠨᠡᠶᠢᠳᠡ ᠶᠢᠨ ᠡᠳᠦᠷ ᠲᠣᠳᠣᠮ ᠤᠨ ᠬᠡᠷᠡᠭᠯᠡᠭᠡᠨ ᠤ ᠪᠠᠷᠠᠭ᠎ᠠ ᠲᠠᠸᠠᠷ ᠢ ᠣᠷᠣᠭᠤᠯᠵᠤ ᠢᠷᠡᠬᠦ  ᠶᠢᠨ ᠬᠠᠮᠲᠤ ᠲᠠᠯᠠᠢ ᠳᠡᠭᠡᠷᠡᠬᠢ ᠡᠯ᠎ᠡ ᠤᠯᠤᠰ ᠲᠤ ᠲᠣᠮᠳᠠᠳᠣ ᠤᠯᠤᠰ ᠤᠨ ᠪᠠᠷᠠᠭ᠎ᠠ ᠶᠢ ᠶᠡᠭᠡ ᠪᠠᠷ ᠬᠠᠩᠭᠠᠭᠰᠠᠨ ᠶᠤᠮ᠃ ᠮᠢᠩ ᠤᠯᠤᠰ ᠤᠨ ᠦᠶ᠎ᠡ ᠳᠤ ᠲᠣᠮᠳᠠᠳᠣ ᠤᠯᠤᠰ ᠨᠢ ᠵᠡᠭᠦᠨ ᠡᠮᠦᠨᠡᠲᠦ ᠠᠽᠢᠶ᠎ᠠ ᠶᠢᠨ ᠬᠠᠮᠤᠭ ᠲᠣᠮᠣ ᠠᠷᠠᠯᠵᠢᠶᠠᠨ  ᠤ ᠬᠠᠨᠢ ᠪᠣᠯᠵᠤ᠂ ᠭᠠᠳᠠᠭᠠᠳᠤ ᠠᠷᠠᠯᠵᠢᠶᠠᠨ ᠤ ᠨᠣᠷᠮ᠎ᠠ ᠨᠢ ᠵᠢᠯ ᠳᠤ 100 ᠲᠦᠮᠡᠨ ᠯᠠᠩ ᠮᠥᠩᠭᠦ ᠬᠦᠷᠴᠦ ᠪᠠᠶᠢᠯ᠎ᠠ᠂ ᠡᠨᠡ ᠲᠤᠭ᠎ᠠ ᠪᠣᠯ ᠵᠡᠭᠦᠨ ᠡᠮᠦᠨᠡᠲᠦ ᠠᠽᠢᠶ᠎ᠠ ᠶᠢᠨ ᠭᠠᠳᠠᠭᠠᠳᠤ ᠠᠷᠠᠯᠵᠢᠶᠠᠨ ᠤ ᠶᠡᠷᠦᠩᠬᠡᠢ ᠲᠤᠭ᠎ᠠ ᠲᠠᠢ ᠲᠡᠩᠴᠡᠬᠦ ᠶᠤᠮ᠃           ᠵᠧᠩ ᠾᠧ ᠠᠳ᠋ᠯᠠᠨᠲ ᠲᠠᠯᠠᠢ ᠪᠠᠷ ᠳᠣᠯᠤᠭᠠᠨᠲᠠ ᠠᠶᠠᠯᠠᠬᠤ ᠳᠠᠭᠠᠨ ᠲᠣᠮᠳᠠᠳᠣ ᠤᠯᠤᠰ ᠪᠠ ᠳᠡᠯᠡᠬᠡᠢ ᠶᠢᠨ 30 ᠢᠯᠡᠭᠦᠦ ᠤᠯᠤᠰ ᠲᠠᠢ ᠪᠣᠯᠪᠠᠰᠤᠨ ᠢ ᠤᠯᠠᠮᠵᠢᠯᠠᠬᠤ ᠪᠠ ᠰᠣᠶᠣᠯ ᠤᠨ ᠰᠣᠯᠢᠯᠴᠠᠭᠠᠨ ᠤ ᠬᠥᠭᠦᠷᠭᠡ ᠶᠢ ᠪᠠᠶᠢᠭᠤᠯᠵᠤ᠂ ᠲᠣᠮᠳᠠᠳᠣ ᠤᠯᠤᠰ ᠤᠨ ᠥᠷᠭᠡᠨ ᠳᠡᠯᠭᠡᠷ ᠭᠦᠨ ᠭᠦᠨᠵᠡᠭᠡᠢ ᠰᠣᠶᠣᠯ ᠢ ᠵᠡᠭᠦᠨ ᠡᠮᠦᠨᠡᠲᠦ ᠠᠽᠢᠶ᠎ᠠ᠂ ᠡᠮᠦᠨᠡᠲᠦ ᠠᠽᠢᠶ᠎ᠠ᠂ ᠴᠢᠨᠠᠭᠰᠢᠯᠠᠭᠠᠳ ᠠᠹᠧᠷᠢᠺᠡ ᠲᠢᠪ ᠤᠨ ᠲᠡᠳᠡᠭᠡᠷ ᠠᠯᠤᠰ ᠭᠠᠵᠠᠷ ᠢᠶᠠᠷ ᠤᠯᠠᠮᠵᠢᠯᠠᠪᠠ᠃ ᠱᠠᠭᠠᠵᠠᠩ ᠬᠡᠷᠡᠭᠰᠡᠯ ᠪᠣᠯ ᠲᠣᠮᠳᠠᠳᠣ ᠶᠢᠨ ᠰᠣᠶᠣᠯ ᠤᠨ ᠥᠩᠭᠡ ᠭᠢᠯᠪᠠᠭ᠎ᠠ ᠶᠢ ᠶᠡᠷᠦᠩᠬᠡᠶᠢᠯᠡᠨ ᠢᠯᠡᠷᠡᠭᠦᠯᠦᠭᠰᠡᠨ ᠪᠣᠳᠠᠰ ᠤᠨ ᠠᠴᠢᠶᠠᠯᠠᠪᠤᠷᠢ ᠪᠣᠯᠬᠤ ᠶᠤᠮ᠂ ᠱᠠᠭᠠᠵᠠᠩ ᠬᠡᠷᠡᠭᠰᠡᠯ ᠵᠡᠭᠦᠨ ᠡᠮᠦᠨᠡᠲᠦ ᠠᠽᠢᠶ᠎ᠠ᠂ ᠵᠡᠭᠦᠨ ᠠᠽᠢᠶ᠎ᠠ ᠳᠤ ᠬᠦᠷᠦᠭᠰᠡᠨ ᠨᠢ ᠰᠣᠶᠣᠯ ᠤᠨ ᠢᠯᠡᠷᠡᠭᠦᠯᠬᠦ ᠬᠡᠯᠪᠡᠷᠢ ᠪᠠ ᠤᠷᠠᠯᠢᠭ ᠤᠨ ᠰᠡᠳᠬᠢᠮᠵᠢ ᠶᠢ ᠤᠯᠠᠮᠵᠢᠯᠠᠭᠰᠠᠨ ᠬᠡᠷᠡᠭ ᠪᠦᠯᠦᠭᠡ᠃ ᠬᠥᠬᠡ ᠱᠠᠭᠠᠵᠠᠩ ᠠᠶᠠᠭ᠎ᠠ ᠫᠢᠯᠠ ᠠᠷᠠᠳ ᠤᠨ ᠳᠤᠮᠳᠠ ᠬᠠᠷᠢᠯᠴᠠᠨ ᠬᠦᠷᠭᠡᠬᠦ ᠪᠡᠯᠡᠭ ᠪᠣᠯᠵᠤ᠂ ᠨᠥᠬᠦᠷᠯᠡᠯ ᠢ ᠢᠯᠡᠳᠬᠡᠳᠡᠭ᠃ ᠬᠥᠬᠡ ᠱᠠᠭᠠᠵᠠᠩ ᠯᠣᠩᠬᠤ ᠬᠤᠨᠳᠠᠭ᠎ᠠ ᠨᠢ ᠪᠠᠶᠠᠨ ᠠᠶᠢᠯ ᠤᠨ ᠤᠷᠠᠯᠢᠭ ᠤᠨ ᠲᠠᠪᠢᠯᠭ᠎ᠠ ᠪᠣᠯᠵᠤ ᠪᠠᠶᠠᠨ ᠡᠷᠬᠢᠮ ᠤᠨ ᠪᠡᠯᠭᠡᠳᠡᠯ ᠪᠣᠯᠪᠠᠢ᠃ ᠬᠥᠬᠡ ᠱᠠᠭᠠᠵᠠᠩ ᠲᠣᠮᠣ ᠪᠣᠳᠣᠩ᠂ ᠲᠣᠮᠣ ᠫᠢᠯᠠ ᠨᠢ ᠸᠠᠩ ᠨᠣᠶᠠᠳ ᠤᠨ ᠬᠡᠭᠡᠨᠴᠢᠷ ᠣᠷᠳᠣ ᠬᠠᠷᠰᠢ ᠶᠢᠨ ᠵᠠᠰᠠᠯ ᠪᠣᠯᠵᠤ᠂ ᠨᠡᠷ᠎ᠡ ᠬᠦᠨᠳᠦ ᠪᠠ ᠰᠦᠷ ᠬᠡᠷᠡᠯ ᠤᠨ ᠪᠡᠯᠭᠡᠳᠡᠯ ᠪᠣᠯᠣᠯᠤᠭ᠎ᠠ᠃ ᠱᠠᠭᠠᠵᠠᠩ ᠬᠡᠷᠡᠭᠰᠡᠯ  ᠤᠨ ᠤᠷᠠᠯᠢᠭ ᠤᠨ ᠬᠡᠪ ᠨᠠᠮᠪᠠ  ᠨᠢ ᠲᠣᠮᠳᠠᠳᠣ ᠤᠯᠤᠰ ᠤᠨ ᠱᠠᠭᠠᠵᠠᠩ ᠬᠡᠷᠡᠭᠰᠡᠯ ᠢ ᠪᠤᠷᠬᠠᠨ ᠱᠠᠰᠢᠨ ᠤ ᠤᠯᠤᠰ ᠤᠳ  ᠤᠨ ᠰᠦᠮ᠎ᠡ ᠬᠡᠶᠢᠳ ᠢᠶᠠᠨ ᠲᠠᠬᠢᠬᠤ᠂ ᠬᠠᠭᠠᠨ ᠤᠨ ᠲᠦᠷᠣᠯ ᠰᠠᠳᠣᠨ ᠤᠯᠤᠰ ᠤᠨ ᠤᠭᠰᠠᠭ᠎ᠠ ᠲᠦᠷᠣᠯ ᠤᠨ ᠳᠠᠭᠠᠭᠤᠯᠵᠤ ᠣᠷᠣᠰᠢᠭᠤᠯᠬᠤ ᠪᠣᠳᠠᠰ᠂ ᠬᠠᠷ᠎ᠠ ᠪᠣᠷᠣᠴᠤᠤᠯ ᠤᠨ ᠡᠳᠦᠷ ᠲᠣᠳᠣᠮ ᠵᠠᠷᠤᠬᠤ ᠠᠮᠢᠨᠳᠠᠢ ᠪᠣᠯᠵᠠᠢ᠃ ᠲᠣᠷᠭ᠎ᠠ ᠪᠣᠯ ᠲᠣᠮᠳᠠᠳᠣ ᠤᠯᠤᠰ ᠤᠨ ᠪᠣᠯᠪᠠᠰᠤᠨ ᠤ ᠪᠡᠯᠭᠡ ᠲᠡᠮᠳᠡᠭ ᠶᠤᠮ᠂ ᠬᠤᠷᠴᠠ ᠰᠠᠶᠢᠬᠠᠨ ᠥᠩᠭᠡ ᠪᠣᠳᠤᠭ᠂ ᠡᠷᠢᠶᠡᠨ ᠮᠠᠷᠢᠶᠠᠨ ᠵᠢᠷᠤᠭ ᠳᠦᠷᠰᠦ ᠨᠢ ᠵᠡᠭᠦᠨ ᠡᠮᠦᠨᠡᠲᠦ ᠠᠽᠢᠶ᠎ᠠ᠂ ᠡᠮᠦᠨᠡᠲᠦ ᠠᠽᠢᠶ᠎ᠠ ᠶᠢᠨ ᠳᠤᠯᠠᠭᠠᠨ ᠠᠭᠤᠷ ᠠᠮᠢᠰᠬᠤᠯ ᠳᠤ ᠶᠠᠭ ᠦᠭᠡᠢ ᠵᠣᠬᠢᠷᠠᠨ᠎ᠠ᠃ ᠵᠧᠩ ᠾᠧ ᠶᠢᠨ ᠣᠩᠭᠤᠴᠠᠲᠤ ᠠᠩᠭᠢ ᠨᠢ ᠪᠠᠰᠠ ᠡᠨᠡᠷᠢᠨ ᠲᠦᠭᠡᠭᠡᠬᠦ᠂ ᠡᠷᠬᠢᠮᠯᠡᠨ ᠪᠡᠯᠡᠭᠯᠡᠬᠦ ᠠᠷᠠᠯᠵᠢᠶ᠎ᠠ ᠵᠡᠷᠭᠡ ᠬᠡᠯᠪᠡᠷᠢ ᠪᠠᠷ ᠲᠣᠮᠳᠠᠳᠣ ᠤᠯᠤᠰ ᠤᠨ ᠶᠡᠭᠡ ᠬᠡᠮᠵᠢᠶᠡᠨ ᠤ ᠭᠠᠤᠯᠢᠨ ᠵᠣᠭᠤᠰ ᠢ ᠵᠡᠭᠦᠨ ᠡᠮᠦᠨᠡᠲᠦ ᠠᠽᠢᠶ᠎ᠠ ᠶᠢᠨ ᠡᠯ᠎ᠡ ᠤᠯᠤᠰ ᠲᠤ ᠭᠠᠷᠭᠠᠵᠤ᠂ ᠡᠳᠡᠬᠡᠷ ᠭᠠᠵᠠᠷ ᠣᠷᠣᠨ ᠤ ᠲᠠᠷᠢᠶᠠᠯᠠᠩ᠂ ᠭᠠᠷ ᠦᠢᠯᠡᠳᠬᠡᠯ ᠪᠠ ᠬᠤᠳᠠᠯᠳᠤᠭᠠᠨ ᠤ ᠬᠥᠭᠵᠢᠯᠲᠡ ᠶᠢ ᠠᠬᠢᠭᠤᠯᠪᠠ᠃ ᠲᠣᠮᠳᠠᠳᠣ ᠤᠯᠤᠰ ᠤᠨ ᠭᠠᠷᠭᠠᠭᠰᠠᠨ ᠮᠥᠩᠭᠦᠨ ᠭᠦᠢᠯᠭᠡᠭᠡᠨ ᠤ ᠳᠦᠷᠢᠮ ᠨᠢ ᠵᠡᠭᠦᠨ ᠡᠮᠦᠨᠡᠲᠦ ᠠᠽᠢᠶ᠎ᠠ ᠳᠤ ᠬᠡᠳᠦᠨ ᠵᠠᠭᠤᠨ ᠲᠠᠮᠵᠢᠨ ᠬᠡᠷᠡᠭᠯᠡᠭᠳᠡᠭᠰᠡᠭᠡᠷ ᠢᠷᠡᠯᠦᠭᠡ᠃           ᠲᠣᠮᠳᠠᠳᠣ ᠤᠯᠤᠰ ᠤᠨ ᠨᠡᠭᠡᠭᠡᠭᠰᠡᠨ ᠲᠠᠯᠠᠢ ᠶᠢᠨ ᠲᠣᠷᠭᠠᠨ ᠤ ᠵᠠᠮ ᠬᠠᠭᠤᠷᠠᠢ ᠶᠢᠨ ᠲᠣᠷᠭᠠᠨ ᠤ ᠵᠠᠮ ᠠᠴᠠ 81 ᠵᠢᠯ ᠡᠷᠲᠡ᠂ ᠠᠯᠢ ᠡᠷᠲᠡ 2200 ᠵᠢᠯ ᠤᠨ ᠡᠮᠦᠨ᠎ᠡ ᠲᠠᠯᠠᠢ ᠲᠠᠩᠭᠢᠰ ᠪᠣᠯ ᠳᠡᠯᠡᠬᠡᠢ ᠳ᠋ᠠᠬᠢᠨ ᠲᠠᠢ ᠬᠠᠷᠢᠯᠴᠠᠬᠤ ᠬᠠᠮᠤᠭ ᠲᠦᠬᠦᠮ ᠵᠠᠮ ᠬᠡᠳᠡᠭ ᠢ ᠳᠡᠭᠡᠳᠦᠰ ᠮᠢᠨᠢ ᠮᠡᠳᠡᠴᠢᠬᠡᠭᠰᠡᠨ ᠶᠤᠮ᠃ ᠵᠧᠩ ᠾᠧ ᠠᠳ᠋ᠯᠠᠨᠲ ᠲᠠᠯᠠᠢ ᠪᠠᠷ ᠳᠣᠯᠤᠭᠠᠨᠲᠠ ᠠᠶᠠᠯᠠᠭᠰᠠᠨ ᠠᠭᠤᠤ ᠦᠢᠯᠡᠰ ᠪᠠ ᠰᠦᠷ ᠦᠵᠡᠭᠦᠯᠦᠭᠰᠡᠨ ᠶᠠᠪᠤᠳᠠᠯ ᠨᠢ ᠲᠣᠮᠳᠠᠳᠣ ᠤᠯᠤᠰ ᠢ ᠲᠠᠯᠠᠢ ᠲᠠᠩᠭᠢᠰ ᠤᠨ ᠲᠣᠮᠣ ᠤᠯᠤᠰ ᠪᠣᠯᠭᠠᠨ ᠂ ᠶᠠᠫᠤᠨ ᠠᠴᠠ ᠠᠹᠧᠷᠢᠺᠠ ᠲᠢᠪ ᠤᠨ ᠵᠡᠭᠦᠨ ᠡᠷᠭᠢ ᠬᠦᠷᠬᠦ ᠲᠠᠯᠠᠢ ᠶᠢᠨ ᠡᠷᠬᠡ  ᠶᠢ ᠣᠯᠵᠤ᠂ ᠲᠣᠮᠳᠠᠳᠣ ᠤᠯᠤᠰ ᠤᠨ ᠲᠠᠯᠠᠢ ᠶᠢᠨ ᠠᠶᠠᠯᠠᠯ ᠤᠨ ᠦᠢᠯᠡᠰ ᠢ ᠣᠷᠬᠢᠯ ᠳᠤᠨᠢ ᠬᠦᠷᠭᠡᠪᠡᠢ᠃ ᠵᠧᠩ ᠾᠧ ᠲᠡᠷᠨ ᠦᠶ᠎ᠡ ᠳᠤ ᠲᠠᠯᠠᠢ ᠲᠠᠩᠭᠢᠰ ᠪᠣᠯ ᠮᠤᠨᠳᠠᠭ ᠲᠣᠮᠣ ᠪᠠᠶᠢᠭᠠᠯᠢᠯᠢᠭ ᠡᠷᠳᠡᠨᠢᠰ ᠤᠨ ᠬᠥᠮᠥᠷᠭᠡ᠂ ᠬᠥᠮᠥᠨ ᠲᠥᠷᠥᠯᠬᠢᠲᠡᠨ ᠤ ᠪᠣᠯᠪᠠᠰᠤᠨ ᠤ ᠥᠯᠥᠭᠡᠢ᠂ ᠲᠠᠯᠠᠢ ᠲᠠᠩᠭᠢᠰ ᠢ ᠡᠵᠡᠮᠰᠢᠴᠢᠬᠡᠪᠡᠯ ᠠᠷᠠᠳ ᠢᠶᠠᠨ ᠠᠮᠤᠭᠤᠯᠵᠤ᠂ ᠤᠯᠤᠰ ᠢᠶᠠᠨ ᠲᠣᠭᠲᠠᠪᠤᠷᠢᠵᠢᠭᠤᠯᠵᠤ᠂ ᠬᠠᠨᠳᠤᠭᠰᠠᠨ ᠵᠦᠭ ᠲᠤ ᠳᠠᠶᠢᠰᠤᠨ ᠦᠭᠡᠢ ᠲᠠᠯᠠᠢ ᠶᠢᠨ ᠴᠡᠷᠢᠭ ᠤᠨ ᠣᠩᠭᠤᠴᠠᠲᠤ ᠴᠡᠷᠢᠭ ᠪᠣᠯ ᠲᠠᠯᠠᠢ ᠲᠠᠩᠭᠢᠰ ᠢ ᠡᠵᠡᠮᠰᠢᠬᠦ ᠰᠠᠭᠤᠷᠢ ᠬᠡᠳᠡᠭ ᠢ ᠮᠡᠳᠡᠵᠣ ᠪᠠᠶᠢᠪᠠ᠃ ᠵᠧᠩ ᠾᠧ ᠶᠢᠨ ᠲᠠᠯᠠᠢ ᠶᠢᠨ ᠡᠷᠬᠡ ᠶᠢᠨ ᠦᠵᠡᠯᠲᠡ ᠲᠤᠬᠠᠢ ᠶᠢᠨ ᠦᠶ᠎ᠡ ᠶᠢᠨ ᠨᠣᠶᠠᠷᠬᠠᠭᠴᠢᠳ ᠲᠤ ᠬᠦᠯᠢᠶᠡᠨ ᠵᠥᠪᠰᠢᠶᠡᠷᠡᠭᠳᠡᠭᠰᠡᠨ ᠰᠠᠨ ᠪᠣᠯ ᠳᠡᠯᠡᠬᠡᠢ ᠶᠢᠨ ᠪᠣᠯᠪᠠᠰᠤᠨ ᠤ ᠲᠡᠦᠬᠡ ᠥᠭᠡᠷ᠎ᠡ ᠪᠠᠷ ᠪᠢᠴᠢᠭᠳᠡᠬᠦ ᠪᠦᠯᠦᠭᠡ᠃ ᠬᠠᠷᠠᠮᠰᠠᠯᠲᠠᠢ ᠨᠢ ᠲᠤᠬᠠᠢ  ᠶᠢᠨ ᠦᠶ᠎ᠡ ᠶᠢᠨ ᠨᠣᠶᠠᠷᠬᠠᠭᠴᠢ ᠠᠩᠭᠢ ᠮᠢᠩᠭᠠᠨ ᠵᠢᠯ ᠤᠯᠠᠮᠵᠢᠯᠠᠭᠰᠠᠨ ᠲᠠᠷᠢᠶᠠᠯᠠᠩ ᠢᠶᠠᠷ ᠤᠯᠤᠰ ᠢᠶᠠᠨ ᠪᠠᠶᠢᠭᠤᠯᠬᠤ᠂ ᠲᠠᠷᠢᠶᠠᠯᠠᠩ ᠨᠡᠬᠡᠮᠡᠯ ᠢᠶᠠᠷ ᠠᠮᠢᠵᠢᠷᠠᠭᠠᠨ ᠤ ᠦᠨᠳᠦᠰᠦ ᠪᠣᠯᠭᠠᠬᠤ᠂ ᠥᠪᠡᠷ ᠢᠶᠠᠨ ᠥᠪᠡᠷ ᠢ ᠪᠠᠨ ᠬᠠᠩᠭᠠᠬᠤ᠂ ᠡᠬᠡ ᠭᠠᠵᠠᠷ ᠢᠶᠠᠨ ᠪᠢᠲᠡᠭᠦᠮᠵᠢᠯᠡᠬᠦ ᠡᠬᠡ ᠬᠠᠭᠤᠷᠠᠢ ᠶᠢᠨ ᠦᠵᠡᠯᠲᠡ ᠶᠢ ᠮᠥᠷᠳᠡᠭᠰᠡᠨ ᠢᠶᠠᠷ ᠣᠯᠳᠠᠰᠢ ᠦᠭᠡᠢ ᠵᠠᠪᠰᠢᠶᠠᠨ ᠢ ᠠᠯᠳᠠᠵᠤ ᠣᠷᠬᠢᠯᠤᠭ᠎ᠠ᠃ ᠲᠣᠮᠳᠠᠳᠣ ᠤᠯᠤᠰ ᠰᠠᠶ᠋ᠢᠬᠠᠨ ᠲᠠᠯᠠᠢ ᠲᠠᠩᠭᠢᠰ ᠲᠤ ᠭᠢᠰᠬᠢᠭᠰᠡᠨ ᠬᠥᠯ ᠢᠶᠠᠨ ᠡᠬᠡ ᠬᠠᠭᠤᠷᠠᠢ ᠳᠠᠭᠠᠨ ᠲᠠᠳᠠᠨ ᠠᠪᠠᠴᠢᠵᠤ ᠲᠠᠯᠠᠢ ᠠᠴᠠ ᠨᠢᠭᠤᠷ ᠪᠤᠷᠤᠭᠤᠯᠠᠵᠤ᠂ ᠬᠠᠭᠠᠯᠭ᠎ᠠ ᠪᠠᠨ ᠲᠦᠭᠵᠢᠨ ᠬᠠᠪᠲᠠᠰᠤ ᠳᠠᠪᠠᠭᠤ ᠦᠭᠡᠢ᠂ ᠲᠠᠯᠠᠢ ᠶᠢ ᠪᠢᠲᠡᠭᠦᠮᠵᠢᠯᠡᠬᠦ ᠳᠦᠷᠢᠮ ᠬᠡᠷᠡᠭᠵᠢᠭᠦᠯᠵᠦ᠂ ᠵᠧᠩ ᠾᠧ ᠶᠢᠨ ᠠᠳ᠋ᠯᠠᠨᠲ ᠲᠠᠯᠠᠢ ᠪᠠᠷ ᠳᠣᠯᠤᠭᠠᠨᠲᠠ ᠠᠶᠠᠯᠠᠭᠰᠠᠨ ᠨᠠᠨᠳᠢᠨ ᠮᠠᠲ᠋ᠧᠷᠢᠶᠠᠯ ᠢ ᠬᠦᠷᠳᠡᠯ᠎ᠡ ᠬᠠᠶᠠᠭᠳᠠᠮᠠᠯ ᠴᠠᠭᠠᠰᠤ ᠪᠣᠯᠭᠠᠵᠣ᠂ ᠭᠠᠯᠳᠠᠵᠤ ᠣᠷᠬᠢᠭᠰᠠᠨ ᠠᠵᠤᠭᠤ᠃
ᠢᠷᠡᠯᠲᠡ᠄ ︽ᠤᠳᠬ᠎ᠠ ᠵᠣᠬᠢᠶᠠᠯ ᠰᠣᠨᠢᠨ︾