ᠬᠦᠬᠡᠭᠴᠢᠨ ᠮᠤᠭᠠᠢ ᠵᠢᠯ 384 ᠡᠳᠦᠷ ᠲᠠᠢ᠂ ᠶᠠᠭᠠᠬᠢᠭᠠᠳ ᠪᠤᠢ︖
ᠨᠡᠶᠢᠲᠡᠯᠡᠭᠰᠡᠨ ᠴᠠᠭ᠄
2025/1/13
       2025 ᠣᠨ ᠳᠤ ᠠᠷᠭ᠎ᠠ ᠶᠢᠨ ᠤᠯᠠᠷᠢᠯ ᠢᠶᠠᠷ365 ᠡᠳᠦᠷ ᠲᠠᠢ ᠪᠠᠶᠢᠬᠤ ᠳᠤ ᠪᠢᠯᠢᠭ ᠤᠨ ᠤᠯᠠᠷᠢᠯ ᠤᠨ ᠬᠦᠬᠡᠭᠴᠢᠨ ᠮᠤᠭᠠᠢ ᠵᠢᠯ ᠳᠤ 384 ᠡᠳᠦᠷ ︵ 2025 ᠣᠨ ᠤ 1 ᠰᠠᠷ᠎ᠠ ᠶᠢᠨ 29 ᠤ ᠡᠳᠦᠷ — 2026ᠣᠨ ᠤ 2 ᠰᠠᠷ᠎ᠠ ᠶᠢᠨ 16 ᠤ ᠡᠳᠦᠷ︶ ᠲᠠᠢ᠂ ᠠᠷᠭ᠎ᠠ ᠶᠢᠨ ᠤᠯᠠᠷᠢᠯ ᠠᠴᠠ ᠪᠠᠨ 19 ᠡᠳᠦᠷ ᠢᠯᠡᠭᠦᠦ ᠪᠣᠯᠤᠭᠰᠠᠨ ᠨᠢ ᠬᠦᠮᠦᠰ ᠤᠨ ᠠᠩᠬᠠᠷᠤᠯ ᠳᠤ ᠬᠦᠷᠴᠡᠢ᠃             ᠵᠢᠯ ᠪᠣᠯᠭᠠᠨ ᠤ ᠠᠷᠭ᠎ᠠ ᠶᠢᠨ ᠤᠯᠠᠷᠢᠯ ᠪᠠ ᠪᠢᠯᠢᠭ ᠤᠨ ᠤᠯᠠᠷᠢᠯ ᠤᠨ ᠡᠳᠦᠷ ᠤᠨ ᠲᠤᠭ᠎ᠠ ᠨᠢ ᠵᠦᠷᠢᠶ᠎ᠡ ᠲᠠᠢ ᠪᠠᠶᠢᠳᠠᠭ ᠨᠢ ᠭᠤᠣᠯᠳᠠᠭᠤ ᠵᠢᠷᠤᠬᠠᠢ ᠶᠢᠨ ᠯᠠᠪᠯᠠᠬᠤ ᠳᠦᠷᠢᠮ ᠨᠢ ᠠᠳᠠᠯᠢ ᠦᠭᠡᠢ ᠠᠴᠠ ᠪᠣᠯᠤᠭᠰᠠᠨ ᠶᠤᠮ᠃ ᠠᠷᠭ᠎ᠠ ᠶᠢᠨ ᠤᠯᠠᠷᠢᠯ ᠪᠣᠯ ᠭᠤᠣᠯᠳᠠᠭᠤ ᠨᠠᠷᠠᠨ ᠤ ᠡᠷᠭᠢᠯᠲᠡ ᠶᠢᠨ ᠵᠢᠮ᠎ᠡ ᠪᠠᠷ ᠯᠡᠪᠯᠠᠯᠲᠠ ᠪᠣᠯᠭᠠᠳᠠᠭ᠃ ᠪᠢᠯᠢᠭ ᠤᠨ ᠤᠯᠠᠷᠢᠯ ᠪᠣᠯ ᠨᠢᠭᠡ ᠵᠦᠢᠯ ᠤᠨ ᠠᠷᠭ᠎ᠠ ᠪᠢᠯᠢᠭ ᠤᠨ ᠨᠡᠶᠢᠯᠡᠮᠡᠯ ᠤᠯᠠᠷᠢᠯ ᠮᠦᠨ᠂ ᠨᠠᠷᠠ ᠪᠠ ᠰᠠᠷᠠ ᠶᠢᠨ ᠡᠷᠭᠢᠯᠲᠡ ᠶᠢᠨ ᠵᠢᠮ᠎ᠡ ᠪᠠᠷ ᠪᠦᠷ ᠯᠠᠪᠯᠠᠯᠲᠠ ᠪᠣᠯᠭᠠᠳᠠᠭ᠃             ᠡᠷᠲᠡᠨ ᠤ ᠬᠦᠮᠦᠰ ᠰᠠᠷᠠ ᠲᠡᠷᠭᠡᠯᠰᠢᠬᠦ ᠶᠢᠨ ᠨᠢᠭᠡ ᠦᠶᠡᠯᠡᠯ ᠢ 《 ᠪᠢᠯᠢᠭ ᠤᠨ ᠰᠠᠷ᠎ᠠ》 ᠭᠡᠵᠦ᠂ ᠳᠤᠮᠳᠠᠴᠢ ᠪᠠᠷ 29.53 ᠡᠳᠦᠷ ᠲᠠᠢ᠃ ᠪᠢᠯᠢᠭ ᠤᠨ ᠤᠯᠠᠷᠢᠯ ᠤᠨ ᠰᠠᠷ᠎ᠠ ᠶᠢ ᠶᠡᠭᠡ ᠰᠠᠷ᠎ᠠ ᠪᠠ ᠪᠠᠭ᠎ᠠ ᠰᠠᠷ᠎ᠠ ᠭᠡᠵᠦ ᠬᠤᠪᠢᠶᠠᠨ᠂ ᠶᠡᠭᠡ ᠰᠠᠷ᠎ᠠ ᠶᠢ 30 ᠡᠳᠦᠷ᠂ ᠪᠠᠭ᠎ᠠ ᠰᠠᠷ᠎ᠠ ᠶᠢ 29 ᠡᠳᠦᠷ ᠬᠤᠪᠢᠶᠠᠨ᠎ᠠ᠃             ᠪᠢᠯᠢᠭ ᠤᠨ ᠤᠯᠠᠷᠢᠯ ᠤᠨ ᠵᠢᠯ ᠳᠤ ᠬᠡᠷᠪᠡ 12 ᠰᠠᠷ᠎ᠠ ᠲᠠᠢ ᠪᠠᠶᠢᠪᠠᠯ ᠂ ᠨᠡᠶᠢᠲᠡ 354 ᠡᠳᠦᠷ ᠪᠣᠶᠤ 355 ᠡᠳᠦᠷ ᠲᠠᠢ᠂ ᠡᠨᠡ ᠨᠢ ᠪᠤᠴᠠᠯᠲᠠ ᠶᠢᠨ ᠵᠢᠯ  ᠲᠠᠢ ᠪᠠᠷᠤᠭ 11 ᠡᠳᠦᠷ ᠤᠨ ᠵᠦᠷᠢᠶ᠎ᠡ ᠲᠠᠢ ᠪᠠᠶᠢᠳᠠᠭ᠃ ᠡᠶᠢᠮᠦ ᠠᠴᠠ ᠬᠡᠳᠦᠨ ᠵᠢᠯ ᠠᠯᠤᠰᠯᠠᠭᠠᠳ ᠨᠢᠭᠡ ᠢᠯᠡᠭᠦᠦ ᠰᠠᠷ᠎ᠠ ᠨᠡᠮᠡᠬᠦ ᠠᠷᠭ᠎ᠠ ᠪᠠᠷ ᠡᠨᠡᠬᠦ ᠵᠦᠷᠢᠶ᠎ᠡ ᠶᠢ ᠨᠦᠬᠦᠪᠦᠷᠢᠯᠷᠳᠡᠭ᠃             ᠪᠢᠯᠢᠭ ᠤᠨ ᠤᠯᠠᠷᠢᠯ ᠢᠶᠠᠷ ᠢᠯᠡᠭᠦᠦ ᠰᠠᠷ᠎ᠠ ᠲᠠᠢ ᠵᠢᠯ ᠢ ᠢᠯᠡᠭᠦᠦ ᠵᠢᠯ ᠭᠡᠳᠡᠭ᠂ ᠪᠢᠯᠢᠭ ᠤᠨ ᠤᠯᠠᠷᠢᠯ ᠤᠨ ᠬᠦᠬᠡᠭᠴᠢᠨ ᠮᠤᠭᠠᠢ ᠵᠢᠯ ᠪᠣᠯ ᠢᠯᠡᠭᠦᠦ ᠵᠢᠯ᠂ ᠢᠯᠡᠭᠦᠦ ᠵᠢᠷᠭᠤᠭᠠᠨ ᠰᠠᠷ᠎ᠠ ᠲᠠᠢ᠂ ᠡᠶᠢᠮᠦ ᠠᠴᠠ ᠪᠦᠬᠦ ᠵᠢᠯ ᠳᠤ 384 ᠡᠳᠦᠷ ᠲᠠᠢ᠃ 
ᠢᠷᠡᠯᠲᠡ᠄ NMTV ᠸᠢᠴᠠᠲ ᠲᠠᠪᠴᠠᠩ