︽ᠭᠤᠷᠪᠠ ᠶᠢᠰᠦ︾ ᠶᠢᠨ ᠬᠤᠭᠤᠴᠠᠭᠠᠨ ᠳᠤ᠂ ᠠᠭᠤᠷ ᠠᠮᠢᠰᠬᠤᠯ ᠤᠨ ᠬᠤᠪᠢᠷᠠᠯᠲᠠ ᠶᠢ ᠦᠨᠳᠦᠰᠦᠯᠡᠵᠦ ᠪᠡᠶ᠎ᠡ ᠪᠠᠨ ᠵᠣᠬᠢᠰᠲᠠᠢ ᠰᠣᠪᠢᠯᠠᠪᠠᠯ ᠬᠠᠬᠢᠷ | ᠬᠦᠢᠲᠡᠨ ᠠᠭᠤᠷ ᠠᠮᠢᠰᠬᠤᠯ ᠳᠤ ᠵᠣᠬᠢᠴᠠᠨ᠂ ᠡᠷᠡᠭᠦᠯ ᠴᠢᠬᠢᠷᠠᠭ ᠪᠡᠶ᠎ᠡ ᠮᠠᠬᠠᠪᠤᠳ ᠲᠠᠢ ᠪᠣᠯᠵᠤ ᠴᠢᠳᠠᠨ᠎ᠠ᠃ | ᠳᠣᠣᠷᠠᠬᠢ ᠭᠤᠷᠪᠠᠨ ᠵᠦᠢᠯ ᠢ ᠪᠠᠷᠢᠮᠲᠠᠯᠠᠭᠠᠷᠠᠢ | ᠢᠳᠡᠭᠡᠨ ᠤ ᠲᠠᠯ᠎ᠠ ᠳᠤ᠂ ᠬᠠᠯᠠᠭᠤᠨ ᠪᠦᠯᠢᠶᠡᠨ ᠴᠢᠨᠠᠷ ᠤᠨ ᠢᠳᠡᠭᠡᠨ ᠢ ᠵᠣᠬᠢᠰᠲᠠᠢ ᠡᠳ᠋ᠯᠡᠪᠡᠯ ᠵᠣᠬᠢᠨ᠎ᠠ᠃ ᠬᠤᠨᠢᠨ ᠤ ᠮᠢᠬ᠎ᠠ᠂ ᠲᠠᠬᠢᠶᠠᠨ ᠤ ᠮᠢᠬ᠎ᠠ ᠵᠡᠷᠭᠡ | ᠮᠢᠬᠠᠨ ᠤ ᠲᠦᠷᠦᠯ ᠪᠠ ᠬᠤᠰᠢᠭ᠎ᠠ ᠶᠢᠨ ᠴᠦᠮ᠎ᠡ᠂ ᠴᠢᠪᠠᠭ᠎ᠠ᠂ ᠲᠦᠮᠦᠰᠦ᠂ ᠲᠠᠤᠯᠠᠢ ᠶᠢᠨ ᠪᠦᠭᠡᠷ᠎ᠡ ᠵᠡᠷᠭᠡ ᠶᠢ ᠲᠣᠬᠢᠷᠠᠮᠵᠢᠲᠠᠢ ᠢᠳᠡᠵᠦ ᠪᠣᠯᠤᠨ᠎ᠠ᠃ | ᠡᠪᠦᠯ ᠤᠨ ᠤᠯᠠᠷᠢᠯ ᠳᠤ ᠠᠭᠤᠷ ᠠᠮᠢᠰᠬᠤᠯ ᠬᠠᠭᠤᠷᠠᠢ ᠪᠠᠶᠢᠳᠠᠭ᠃ ᠡᠶᠢᠮᠦ ᠠᠴᠠ ᠴᠠᠭᠠᠨ ᠨᠣᠭᠤᠭ᠎ᠠ᠂ ᠯᠢᠩᠬᠤᠸ᠎ᠠ ᠶᠢᠨ ᠦᠷ᠎ᠡ᠂ ᠠᠯᠢᠮ᠎ᠠ ᠵᠡᠷᠭᠡ ᠤᠰᠤᠨ ᠤ | ᠠᠭᠤᠯᠤᠭᠳᠠᠴᠠ ᠦᠨᠳᠦᠷ᠂ ᠸᠢᠲ᠋ᠠᠮᠢᠨ ᠡᠯᠪᠡᠭ ᠠᠭᠤᠯᠤᠭᠳᠠᠬᠤ ᠢᠳᠡᠭᠡᠨ ᠢ ᠢᠳᠡᠵᠦ ᠪᠣᠯᠤᠨ᠎ᠠ᠃ | ᠡᠩ ᠤᠨ ᠦᠶ᠎ᠡ ᠳᠤ ᠬᠦᠢᠲᠡᠨ ᠪᠣᠶᠤ ᠦᠭᠡᠬᠦ ᠲᠣᠰᠤ ᠶᠡᠭᠡ ᠲᠠᠢ ᠢᠳᠡᠭᠡᠨ ᠢ ᠪᠠᠭ᠎ᠠ ᠢᠳᠡᠵᠦ᠂ ᠯᠢᠩᠬᠤᠸ᠎ᠠ ᠶᠢᠨ ᠦᠨᠳᠦᠰᠦᠨ ᠤ ᠰᠢᠭᠦᠰᠦ ᠶᠢ ᠵᠦᠭᠡᠢ ᠶᠢᠨ | ᠪᠠᠯ ᠲᠠᠢ ᠤᠤᠭᠤᠪᠠᠯ ᠬᠤᠳᠤᠭᠤᠳᠤᠨ ᠳᠤ ᠰᠠᠶᠢᠨ ᠪᠠᠶᠢᠳᠠᠭ᠃ | ᠳᠣᠣᠷᠠᠬᠢ ᠭᠤᠷᠪᠠᠨ ᠵᠦᠢᠯ ᠢ ᠠᠩᠬᠠᠷᠤᠭᠠᠷᠠᠢ | ᠵᠢᠷᠦᠬᠡᠨ ᠤ ᠬᠠᠯᠠᠭᠤᠨ ᠶᠡᠬᠡᠳᠦᠪᠡᠯ ᠰᠡᠳᠬᠢᠯ ᠪᠣᠬᠢᠨᠢᠳᠤᠬᠤ᠂ ᠬᠡᠯᠡᠨ ᠤ ᠦᠵᠦᠭᠦᠷ ᠤᠯᠠᠶᠢᠬᠤ ᠵᠡᠷᠭᠡ ᠪᠠᠶᠢᠳᠠᠯ ᠢᠯᠡᠷᠡᠳᠡᠭ᠃ ᠡᠶᠢᠮᠦ ᠠᠴᠠ ᠰᠡᠳᠬᠢᠯ | ᠰᠠᠨᠠᠭ᠎ᠠ ᠪᠠᠨ ᠲᠠᠶᠢᠪᠤᠩ ᠪᠠᠶᠢᠯᠭᠠᠵᠤ᠂ ᠨᠣᠭᠤᠭ᠎ᠠ ᠵᠢᠮᠢᠰ ᠢ ᠢᠯᠡᠭᠦᠬᠡᠨ ᠢᠳᠡᠨ᠂ ᠭᠤᠱᠤᠭᠤᠨ ᠢᠳᠡᠭᠡᠨ ᠢ ᠪᠠᠭ᠎ᠠ ᠢᠳᠡᠬᠦ ᠬᠡᠷᠡᠭᠲᠡᠢ᠃ ᠡᠩ ᠤᠨ ᠦᠶ᠎ᠡ ᠳᠤ | ᠪᠤᠴᠠᠯᠤᠭᠰᠠᠨ ᠪᠦᠯᠢᠶᠡᠨ ᠤᠰᠤ ᠢᠯᠡᠭᠦᠬᠡᠨ ᠤᠤᠭᠤᠪᠠᠯ ᠵᠣᠬᠢᠨ᠎ᠠ᠃ | ︽ᠭᠤᠷᠪᠠ ᠶᠢᠰᠦ︾ ᠣᠷᠤᠪᠠᠯ ᠬᠦᠮᠦᠨ ᠠᠮᠠᠷᠬᠠᠨ ᠪᠠᠴᠢᠮᠳᠠᠨ ᠰᠠᠨᠳᠤᠷᠬᠤ ᠪᠠᠶᠢᠳᠠᠯ ᠢᠯᠡᠷᠡᠳᠡᠭ᠃ ᠡᠨᠡ ᠦᠶ᠎ᠡ ᠳᠤ ᠠᠯᠢ ᠴᠢᠳᠠᠬᠤ ᠪᠠᠷ ᠪᠠᠴᠢᠮᠳᠠᠵᠤ | ᠠᠭᠤᠷᠯᠠᠬᠤ ᠠᠴᠠ ᠵᠠᠶᠢᠯᠠᠰᠬᠢᠪᠠᠯ ᠵᠣᠬᠢᠨ᠎ᠠ᠃ | ᠶᠡᠭᠡ ᠬᠦᠯᠦᠰᠦ ᠭᠠᠷᠬᠤ ᠠᠴᠠ ᠵᠠᠶᠢᠯᠠᠰᠬᠢᠵᠤ᠂ ᠪᠡᠶ᠎ᠡ ᠮᠠᠬᠠᠪᠤᠳ ᠢᠶᠠᠨ ᠪᠣᠯᠪᠠᠰᠤᠷᠠᠬᠤ ᠳᠤ ᠪᠠᠨ ᠪᠠᠭ᠎ᠠ ᠯᠡ ᠬᠦᠯᠦᠰᠦ ᠭᠠᠷᠪᠠᠯ ᠪᠣᠯᠴᠢᠬᠠᠨ᠎ᠠ᠃ ᠠᠯᠭᠤᠷ | ᠭᠦᠶᠦᠬᠦ᠂ ᠰᠤᠯᠠ ᠠᠯᠬᠤᠬᠤ ᠵᠡᠷᠭᠡ ᠬᠦᠳᠡᠯᠭᠡᠭᠡᠨ ᠢ ᠰᠣᠩᠭᠤᠨ ᠪᠡᠶ᠎ᠡ ᠪᠠᠨ ᠪᠣᠯᠪᠠᠰᠤᠷᠠᠵᠤ ᠪᠣᠯᠤᠨ᠎ᠠ᠃ |