ᠨᠡᠭᠦᠷᠡᠰᠦᠲᠥ᠋ᠷᠥᠭᠴᠢ ᠶᠢᠨ ᠠᠮᠮᠤᠨᠢ ᠶᠢ ᠲᠣᠬᠢᠷᠠᠮᠵᠢᠲᠠᠢ ᠤᠷᠤᠭᠤᠯᠤᠨ᠎ᠠ᠃ | ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠳᠣᠣᠷ᠎ᠠ᠂ ᠨᠡᠭᠦᠷᠡᠰᠦᠲᠥ᠋ᠷᠥᠭᠴᠢ ᠶᠢᠨ ᠠᠮᠮᠤᠨᠢ ᠠᠮᠠᠷᠬᠠᠨ ᠳᠡᠭᠳᠡᠨ ᠵᠠᠳᠠᠷᠠᠳᠠᠭ ᠦᠭᠡᠢ ᠲᠤᠯᠠ | ᠪᠣᠷᠳᠣᠭᠤᠷ ᠤᠨ ᠠᠰᠢᠭᠯᠠᠯᠲᠠ ᠶᠢᠨ ᠨᠤᠷᠮ᠎ᠠ ᠶᠢ ᠳᠡᠭᠡᠭᠰᠢᠯᠡᠭᠦᠯᠬᠦ ᠳᠤ ᠠᠰᠢᠭᠲᠠᠢ︔ ᠨᠡᠭᠦᠷᠡᠰᠦᠬᠦ᠋ᠴᠢᠯ ᠤᠨ ᠤᠰᠤᠲᠥ᠋ᠷᠥᠭᠴᠢᠲᠤ ᠠᠮᠮᠤᠨᠢ ᠪᠣᠯ ᠠᠮᠮᠤᠨᠢ ᠶᠢᠨ | ᠲᠥᠯᠥᠪᠲᠦ ᠠᠽᠣᠲ ᠪᠣᠷᠳᠣᠭᠤᠷ ᠲᠤ ᠪᠠᠭᠲᠠᠨ᠎ᠠ᠂ ᠬᠥᠷᠥᠰᠥᠨ ᠳᠤ ᠣᠷᠣᠭᠤᠯᠤᠭᠰᠠᠨ ᠤ ᠳᠠᠷᠠᠭ᠎ᠠ ᠲᠠᠷᠢᠮᠠᠯ ᠳᠤ ᠰᠢᠭᠤᠳ ᠰᠢᠩᠭᠡᠭᠡᠭᠳᠡᠨ ᠠᠰᠢᠭᠯᠠᠭᠳᠠᠳᠠᠭ᠂ | ᠪᠣᠷᠳᠣᠭᠤᠷ ᠤᠨ ᠦᠢᠯᠡᠳᠦᠯ ᠨᠢ ᠲᠦᠷᠭᠡᠨ᠂ ᠨᠡᠶᠢᠲᠡᠯᠢᠭ ︽ᠲᠦᠷᠭᠡᠨ ᠦᠢᠯᠡᠳᠦᠯᠳᠦ ᠪᠣᠷᠳᠣᠭᠤᠷ︾ ᠲᠤ ᠪᠠᠭᠲᠠᠵᠤ᠂ ᠴᠠᠭ ᠲᠤᠬᠠᠢ ᠳᠤᠨᠢ ᠲᠠᠷᠢᠮᠠᠯ ᠳᠤ ᠠᠽᠣᠲ | ᠡᠳ᠋ ᠤᠨ ᠰᠢᠮ᠎ᠡ ᠲᠡᠵᠢᠭᠡᠯ ᠢ ᠬᠠᠩᠭᠠᠳᠠᠭ᠃ ᠲᠤᠷᠰᠢᠯᠲᠠ ᠶᠢ ᠦᠨᠳᠦᠰᠦᠯᠠᠪᠠᠯ᠂ ᠡᠪᠦᠯ ᠤᠨ ᠤᠯᠠᠷᠢᠯ ᠳᠤ ᠪᠤᠭᠤᠳᠠᠢ ᠶᠢᠨ ᠲᠠᠷᠢᠶᠠᠨ ᠳᠤ ᠨᠡᠭᠦᠷᠡᠰᠦᠬᠦ᠋ᠴᠢᠯ ᠤᠨ | ᠤᠰᠤᠲᠥ᠋ᠷᠥᠭᠴᠢᠲᠤ ᠠᠮᠮᠤᠨᠢ ᠶᠢ ᠨᠡᠮᠡᠨ ᠣᠷᠤᠭᠤᠯᠪᠠᠯ᠂ ᠪᠣᠷᠳᠣᠭᠤᠷ ᠤᠨ ᠠᠰᠢᠭᠯᠠᠮᠵᠢ ᠨᠢ ᠥᠨᠳᠥᠷ ᠳᠤᠯᠠᠭᠠᠨ ᠤ ᠤᠯᠠᠷᠢᠯ ᠤᠨ ᠬᠢ ᠠᠴᠠ 1~1.5 ᠳᠠᠬᠢᠨ | ᠨᠡᠮᠡᠭᠳᠡᠳᠡᠭ᠃ | ᠰᠢᠭᠡᠰᠦᠯᠢᠭ ᠡᠳ᠋ ᠣᠷᠣᠭᠤᠯᠬᠤ ᠶᠢ ᠴᠡᠭᠡᠷᠯᠡᠨ᠎ᠡ᠃ | ᠰᠢᠭᠡᠰᠦᠯᠢᠭ ᠡᠳ᠋ ᠪᠣᠯ ᠠᠼᠢᠯ ᠠᠮᠮᠤᠨᠢ ᠶᠢᠨ ᠲᠥᠯᠥᠪᠲᠦ ᠠᠽᠣᠲ ᠪᠣᠷᠳᠣᠭᠤᠷ ᠲᠤ ᠪᠠᠭᠲᠠᠨ᠎ᠠ᠂ ᠬᠥᠷᠥᠰᠥᠨ ᠳᠤ ᠣᠷᠣᠭᠤᠯᠤᠭᠰᠠᠨ ᠤ ᠳᠠᠷᠠᠭ᠎ᠠ | ᠲᠠᠷᠢᠮᠠᠯ ᠳᠤ ᠰᠢᠭᠤᠳ ᠰᠢᠩᠭᠡᠭᠡᠭᠳᠡᠨ ᠠᠰᠢᠭᠯᠠᠭᠳᠠᠬᠤ ᠦᠭᠡᠢ᠂ ᠬᠥᠷᠥᠰᠥᠨ ᠳᠠᠬᠢ ᠰᠢᠭᠡᠰᠦᠯᠢᠭ ᠡᠳ᠋ ᠤᠨ ᠪᠠᠺᠲ᠋ᠧᠷᠢ ᠶᠢᠨ ᠰᠢᠭᠦᠷᠡᠭᠦᠯᠦᠭᠰᠡᠨ ᠰᠢᠭᠡᠰᠦᠨ ᠤ | ᠢᠰᠬᠡᠭᠦᠷ ᠤᠨ ᠦᠢᠯᠡᠳᠦᠯ ᠳᠣᠣᠷ᠎ᠠ ᠠᠮᠮᠤᠨᠢ ᠶᠢᠨ ᠲᠥᠯᠥᠪᠲᠦ ᠠᠽᠣᠲ ᠪᠣᠯᠭᠠᠨ ᠬᠤᠪᠢᠷᠠᠭᠤᠯᠪᠠᠯ ᠰᠠᠶ᠋ᠢ ᠦᠨᠳᠦᠰᠦ ᠶᠢᠨ ᠰᠢᠰᠲ᠋ᠧᠮ ᠤᠨ ᠰᠢᠩᠭᠡᠭᠡᠯᠲᠡ ᠶᠢ | ᠬᠠᠩᠭᠠᠵᠤ ᠴᠢᠳᠠᠨ᠎ᠠ᠃ ᠰᠢᠭᠡᠰᠦᠯᠢᠭ ᠡᠳ᠋ ᠤᠨ ᠬᠤᠪᠢᠷᠠᠯᠲᠠ ᠶᠢᠨ ᠬᠤᠷᠳᠤᠴᠠ ᠨᠢ ᠭᠤᠣᠯᠳᠠᠭᠤ ᠬᠥᠷᠥᠰᠥᠨ ᠤ ᠳᠤᠯᠠᠭᠠᠨ ᠠᠴᠠ ᠲᠣᠭᠲᠠᠭᠠᠭᠳᠠᠨ᠎ᠠ᠃ | ᠬᠥᠷᠥᠰᠥᠨ ᠳᠤ ᠣᠷᠣᠭᠤᠯᠤᠭᠰᠠᠨ ᠰᠢᠭᠡᠰᠦᠯᠢᠭ ᠡᠳ᠋ ᠨᠢ ᠪᠦᠬᠦᠨ ᠢᠶᠠᠷ ᠢᠶᠠᠨ ᠠᠮᠮᠤᠨᠢ ᠶᠢᠨ ᠲᠥᠯᠥᠪᠲᠦ ᠠᠽᠣᠲ ᠪᠣᠯᠣᠨ ᠬᠤᠪᠢᠷᠠᠬᠤ ᠳᠤ᠂ ᠭᠠᠵᠠᠷ ᠤᠨ ᠳᠤᠯᠠᠭᠠᠨ | 10℃ ᠪᠣᠯᠬᠤ ᠦᠶ᠎ᠡ ᠳᠤ 7~10 ᠡᠳᠦᠷ ᠬᠡᠷᠡᠭᠰᠡᠨ᠎ᠡ᠂ 20℃ ᠪᠣᠯᠬᠤ ᠦᠶ᠎ᠡ ᠳᠤ 4~5 ᠡᠳᠦᠷ ᠬᠡᠷᠡᠭᠰᠡᠨ᠎ᠡ᠂ 30℃ ᠪᠣᠯᠬᠤ ᠦᠶ᠎ᠡ ᠳᠤ ᠵᠥᠪᠬᠡᠨ | 2~3 ᠡᠳᠦᠷ ᠬᠡᠷᠡᠭᠰᠡᠨ᠎ᠡ᠃ ᠡᠭᠦᠨ ᠠᠴᠠ ᠦᠵᠡᠬᠦ ᠳᠤ᠂ ᠲᠠᠷᠢᠮᠠᠯ ᠳᠤ ᠡᠪᠦᠯ ᠤᠨ ᠤᠯᠠᠷᠢᠯ ᠪᠤᠶᠤ ᠬᠠᠪᠤᠷ ᠤᠨ ᠡᠬᠢ ᠪᠠᠷ ᠪᠣᠷᠳᠣᠭᠤᠷ ᠨᠡᠮᠡᠬᠦ ᠳᠤ ᠬᠡᠷᠪᠡ | ᠰᠢᠭᠡᠰᠦᠯᠢᠭ ᠡᠳ᠋ ᠢ ᠣᠷᠣᠭᠤᠯᠪᠠᠯ ᠪᠣᠷᠳᠣᠭᠤᠷ ᠤᠨ ᠠᠰᠢᠭᠯᠠᠮᠵᠢ ᠨᠢ ᠤᠳᠠᠭᠠᠨ ᠪᠤᠯᠬᠤᠷ ᠲᠠᠷᠢᠮᠠᠯ ᠤᠨ ᠤᠷᠭᠤᠯᠲᠠ ᠶᠢ ᠨᠦᠯᠦᠭᠡᠯᠡᠳᠡᠭ᠃ | ᠹᠣᠰᠹᠣᠷ᠂ ᠴᠠᠶᠢᠷ ᠤᠨ ᠪᠣᠷᠳᠣᠭᠤᠷ ᠢ ᠨᠡᠮᠡᠵᠦ ᠤᠷᠤᠭᠤᠯᠤᠨ᠎ᠠ᠃ | ᠲᠠᠷᠢᠮᠠᠯ ᠤᠨ ᠹᠣᠰᠹᠣᠷ ᠪᠣᠯᠣᠨ ᠴᠠᠶᠢᠷ ᠤᠨ ᠰᠢᠩᠭᠡᠭᠡᠯᠲᠡ ᠨᠢ ᠳᠤᠯᠠᠭᠠᠨ ᠤ ᠬᠡᠮᠵᠢᠶ᠎ᠡ ᠪᠣᠯᠣᠨ ᠭᠡᠷᠡᠯ ᠤᠨ ᠲᠤᠰᠤᠯᠲᠠ ᠶᠢᠨ ᠨᠥᠯᠥᠭᠡ ᠶᠢ ᠢᠯᠡᠷᠬᠡᠢ ᠬᠦᠷᠳᠡᠳᠡᠭ᠃ | ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠳᠣᠣᠷ᠎ᠠ᠂ ᠭᠡᠷᠡᠯ ᠤᠨ ᠲᠤᠰᠤᠯᠲᠠ ᠭᠦᠢᠴᠡᠳ ᠦᠭᠡᠢ ᠪᠣᠯᠬᠤᠷ ᠡᠪᠦᠯᠵᠢᠬᠦ ᠲᠠᠷᠢᠮᠠᠯ ᠳᠤ ᠹᠣᠰᠹᠣᠷ ᠳᠤᠲᠠᠭᠳᠠᠬᠤ᠂ | ᠴᠠᠶᠢᠷ ᠳᠤᠲᠠᠭᠳᠠᠬᠤ ᠪᠠᠶᠢᠳᠠᠯ ᠠᠮᠠᠷᠬᠠᠨ ᠢᠯᠡᠷᠡᠳᠡᠭ᠂ ᠡᠶᠢᠮᠦ ᠠᠴᠠ ᠹᠣᠰᠹᠣᠷ ᠪᠣᠷᠳᠣᠭᠤᠷ ᠪᠠ ᠴᠠᠶᠢᠷ ᠪᠣᠷᠳᠣᠭᠤᠷ ᠢ ᠵᠣᠬᠢᠬᠤ ᠬᠡᠮᠵᠢᠶ᠎ᠡ ᠪᠠᠷ ᠨᠡᠮᠡᠵᠦ ᠣᠷᠣᠭᠤᠯᠪᠠᠯ | ᠵᠣᠬᠢᠨ᠎ᠠ᠃ ᠡᠭᠦᠨ ᠠᠴᠠ ᠭᠠᠳᠠᠨ᠎ᠠ᠂ ᠹᠣᠰᠹᠣᠷ ᠨᠢ ᠤᠷᠭᠤᠮᠠᠯ ᠤᠨ ᠬᠦᠢᠲᠡᠨ ᠢ ᠲᠡᠰᠪᠦᠷᠢᠯᠡᠬᠦ ᠴᠢᠨᠠᠷ ᠢ ᠨᠡᠮᠡᠭᠳᠡᠭᠦᠯᠵᠦ᠂ ᠹᠣᠰᠹᠣᠷ ᠪᠣᠷᠳᠣᠭᠤᠷ ᠢ ᠨᠡᠮᠡᠪᠡᠯ ᠲᠠᠷᠢᠮᠠᠯ ᠤᠨ | ᠬᠥᠯᠳᠡᠬᠦ ᠭᠠᠮᠰᠢᠭ ᠢ ᠰᠡᠷᠭᠡᠶᠢᠯᠡᠬᠦ ᠳᠤ ᠠᠰᠢᠭᠲᠠᠢ᠃ |