ᠡᠪᠦᠯ ᠤᠨ ᠤᠯᠠᠷᠢᠯ ᠳᠤ ᠳᠤᠯᠠᠭᠠᠨ ᠢ ᠬᠠᠮᠠᠭᠠᠯᠠᠵᠤ ᠳᠤᠯᠠᠭᠠᠨ ᠢ ᠳᠡᠭᠡᠭᠰᠢᠯᠡᠭᠦᠯᠬᠦ ᠵᠡᠷᠭᠡ ᠠᠰᠠᠭᠤᠳᠠᠯ ᠢ ᠪᠣᠳᠣᠯᠬᠢᠯᠠᠭᠰᠠᠨ ᠠᠴᠠ ᠪᠣᠯᠵᠤ ᠲᠠᠬᠢᠶᠠᠨ ᠤ | ᠡᠭᠦᠷ ᠲᠤ ᠡᠯ᠎ᠡ ᠵᠦᠢᠯ ᠤᠨ ᠬᠤᠣᠷᠲᠤ ᠬᠡᠢ ᠪᠡᠶᠡᠲᠦ ᠨᠡᠩ ᠠᠮᠠᠷᠬᠠᠨ ᠡᠭᠦᠰᠳᠡᠭ᠃ ᠬᠤᠣᠷᠲᠤ ᠬᠡᠢ ᠪᠡᠶᠡᠲᠦ ᠠᠷᠪᠢᠨ ᠪᠣᠯ ᠲᠠᠬᠢᠶᠠᠨ ᠤ ᠰᠦᠷᠦᠭ ᠤᠨ ᠡᠷᠡᠭᠦᠯ | ᠮᠡᠨᠳᠦ ᠳᠤ ᠮᠠᠰᠢ ᠶᠡᠭᠡ ᠰᠦᠷᠳᠡᠭᠦᠯᠦᠯ ᠪᠣᠯᠳᠠᠭ᠂ ᠲᠡᠭᠡᠪᠡᠯ ᠲᠠᠬᠢᠶ᠎ᠠ ᠲᠡᠵᠢᠭᠡᠳᠡᠭ ᠡᠷᠦᠬᠡ ᠲᠠᠬᠢᠶᠠᠨ ᠤ ᠡᠭᠦᠷ ᠲᠠᠬᠢ ᠬᠤᠣᠷᠲᠤ ᠬᠡᠢ ᠪᠡᠶᠡᠲᠦ ᠶᠢ ᠬᠡᠷᠬᠢᠨ | ᠪᠦᠲᠦᠮᠵᠢᠲᠡᠶ ᠠᠷᠢᠯᠭᠠᠪᠠᠯ ᠵᠣᠬᠢᠬᠤ ᠪᠣᠶ︖ | ᠪᠣᠷᠳᠤᠭ᠎ᠠ ᠠᠴᠠ ᠭᠠᠷᠳᠠᠨ᠎ᠠ᠃ ᠲᠠᠬᠢᠶᠠᠨ ᠤ ᠡᠭᠦᠷ ᠲᠠᠬᠢ ᠬᠠᠮᠤᠭ ᠤᠨ ᠴᠢᠬᠤᠯᠠ ᠬᠤᠣᠷᠲᠤ ᠬᠡᠢ ᠪᠡᠶᠡᠲᠦ ᠶᠢᠨ ᠨᠢᠭᠡ ᠨᠢ ᠳᠠᠷᠤᠢ ᠰᠢᠪᠲᠦᠷ ᠤᠨ ᠬᠡᠢ | ᠪᠣᠯᠣᠨ᠎ᠠ ᠂ ᠰᠢᠪᠲᠦᠷ ᠤᠨ ᠬᠡᠢ ᠨᠢ ᠶᠡᠷᠦ ᠳᠡᠭᠡᠨ ᠲᠠᠬᠢᠶᠠᠨ ᠤ ᠪᠠᠭᠠᠰᠤᠨ ᠳᠠᠬᠢ ᠵᠠᠳᠠᠷᠠᠭ᠎ᠠ ᠦᠭᠡᠢ ᠰᠢᠮ᠎ᠡ ᠲᠡᠵᠢᠭᠡᠯ ᠤᠨ ᠪᠣᠳᠠᠰ ᠠᠴᠠ ᠢᠷᠡᠳᠡᠭ᠂ ᠣᠨᠴᠠᠭᠠᠶᠢᠯᠠᠨ | ᠤᠭᠤᠷᠠᠭ ᠠᠴᠠ ᠢᠷᠡᠳᠡᠭ᠃ ᠡᠶᠢᠮᠦ ᠠᠴᠠ ᠲᠡᠵᠢᠭᠡᠯ ᠪᠣᠷᠳᠣᠭᠠᠨ ᠳᠤ ᠠᠰᠢᠭᠲᠤ ᠪᠠᠺᠲ᠋ᠧᠷᠢ ᠶᠢᠨ ᠲᠦᠷᠦᠯ ᠤᠨ ᠨᠡᠮᠡᠯᠲᠡ ᠡᠳ᠋ ᠢ ᠨᠡᠮᠡᠪᠡᠯ᠂ ᠲᠠᠬᠢᠶᠠᠨ ᠤ ᠭᠡᠳᠡᠰᠦᠨ ᠤ | ᠤᠭᠤᠷᠠᠭ ᠢ ᠰᠢᠩᠭᠡᠬᠡᠨ ᠠᠪᠬᠤ ᠠᠰᠢᠭᠯᠠᠮᠵᠢ ᠶᠢ ᠳᠡᠭᠡᠭᠰᠢᠯᠡᠭᠦᠯᠵᠦ᠂ ᠲᠡᠵᠢᠭᠡᠯ ᠪᠣᠷᠳᠤᠭ᠎ᠠ ᠶᠢ ᠠᠷᠪᠢᠯᠠᠬᠤ ᠪᠠᠷ ᠪᠠᠷᠠᠬᠤ ᠦᠭᠡᠢ ᠪᠠᠰᠠ ᠰᠢᠪᠲᠦᠷ ᠤᠨ ᠬᠡᠢ ᠵᠢᠴᠢ | ᠪᠤᠰᠤᠳ ᠬᠤᠣᠷᠲᠤ ᠬᠡᠢ ᠪᠡᠶᠡᠲᠦ ︵ᠵᠢᠱᠢᠶᠡᠯᠡᠪᠡᠯ ᠬᠦᠬᠦᠷᠲᠦ ᠤᠰᠤᠲᠥ᠋ᠷᠥᠭᠴᠢ︶ ᠶᠢᠨ ᠡᠭᠦᠰᠬᠦ ᠶᠢ ᠪᠠᠭᠠᠰᠬᠠᠳᠠᠭ᠃ | ᠰᠤᠷᠤᠨᠠᠭᠤᠯᠤᠯ ᠡᠳ᠋ ᠢ ᠬᠡᠷᠡᠭᠯᠡᠨ᠎ᠡ᠃ ᠮᠣᠳᠣᠨ ᠨᠡᠭᠦᠷᠡᠰᠦ᠂ ᠨᠡᠭᠦᠷᠡᠰᠦᠨ ᠤ ᠰᠢᠭᠠᠷᠤ᠂ ᠲᠦᠭᠦᠬᠡᠢ ᠴᠣᠬᠤᠢ ᠮᠡᠲᠦ ᠶᠢᠨ ᠪᠣᠳᠠᠰ ᠨᠢ ᠠᠭᠠᠷ ᠳᠣᠲᠣᠷᠠᠬᠢ | ᠦᠮᠡᠬᠡᠢ ᠦᠨᠦᠷ ᠢ ᠮᠠᠰᠢ ᠰᠠᠶᠢᠨ ᠰᠣᠷᠣᠨ ᠨᠠᠭᠠᠯᠳᠤᠭᠤᠯᠬᠤ ᠦᠢᠯᠡᠳᠦᠯ ᠲᠠᠢ᠃ ᠡᠳᠡᠭᠡᠷ ᠶᠠᠭᠤᠮ᠎ᠠ ᠶᠢ ᠲᠠᠬᠢᠶᠠᠨ ᠤ ᠡᠭᠦᠷ ᠲᠤ ᠬᠡᠷᠡᠭᠯᠡᠪᠡᠯ ᠪᠠᠰᠠ ᠠᠭᠠᠷ ᠢ | ᠴᠡᠪᠡᠷᠰᠢᠭᠦᠯᠬᠦ ᠮᠠᠰᠢ ᠰᠠᠶᠢᠨ ᠦᠢᠯᠡᠳᠦᠯ ᠲᠠᠢ ᠶᠤᠮ᠃ ᠲᠠᠬᠢᠶ᠎ᠠ ᠲᠡᠵᠢᠭᠡᠳᠡᠭ ᠡᠷᠦᠬᠡ ᠲᠠᠬᠢᠶᠠᠨ ᠤ ᠡᠭᠦᠷ ᠲᠤ ᠮᠣᠳᠣᠨ ᠨᠡᠭᠦᠷᠡᠰᠦ ᠪᠤᠶᠤ ᠨᠡᠭᠦᠷᠡᠰᠦᠨ ᠰᠢᠭᠠᠷᠤ | ᠮᠡᠲᠦ ᠶᠢᠨ ᠰᠣᠷᠣᠨ ᠨᠠᠭᠠᠯᠳᠤᠭᠤᠯᠬᠤ ᠪᠣᠳᠠᠰ ᠢ ᠰᠠᠴᠤᠵᠤ ᠪᠣᠯᠣᠨ᠎ᠠ᠂ ᠡᠨᠡ ᠨᠢ ᠲᠠᠬᠢᠶᠠᠨ ᠤ ᠡᠭᠦᠷ ᠲᠠᠬᠢ ᠬᠤᠣᠷᠲᠤ ᠬᠡᠢ ᠪᠡᠶᠡᠲᠦ ᠶᠢ ᠰᠣᠷᠣᠨ ᠨᠠᠭᠠᠯᠳᠤᠭᠤᠯᠬᠤ ᠳᠤ | ᠪᠠᠰᠠ ᠨᠡᠯᠢᠶᠡᠳ ᠰᠠᠶᠢᠨ ᠦᠢᠯᠡᠳᠦᠯ ᠲᠠᠢ ᠶᠤᠮ᠃ ᠡᠭᠦᠨ ᠠᠴᠠ ᠭᠠᠳᠠᠨ᠎ᠠ᠂ ᠭᠠᠵᠠᠷ ᠳᠡᠭᠡᠷ᠎ᠡ ᠨᠢᠭᠡ ᠳᠠᠪᠬᠤᠷᠭ᠎ᠠ ᠬᠡᠲᠦ ᠹᠣᠰᠹᠣᠷ ᠬᠦᠴᠢᠯ ᠤᠨ ᠺᠠᠯᠼ ᠰᠠᠴᠤᠪᠠᠯ᠂ | ᠲᠠᠬᠢᠶᠠᠨ ᠤ ᠡᠭᠦᠷ ᠲᠠᠬᠢ ᠦᠮᠡᠬᠡᠢ ᠦᠨᠦᠷ ᠢ ᠪᠠᠭᠤᠷᠠᠭᠤᠯᠵᠤ᠂ ᠰᠢᠪᠲᠦᠷ ᠤᠨ ᠬᠡᠢ ᠶᠢ ᠬᠤᠷᠢᠭᠯᠠᠬᠤ ᠦᠢᠯᠡᠳᠦᠯ ᠨᠢ ᠴᠦ ᠮᠠᠰᠢ ᠰᠠᠶᠢᠨ ᠪᠠᠶᠢᠳᠠᠭ᠃ | ᠬᠢᠲᠠᠳ ᠡᠮ ᠢ ᠬᠡᠷᠡᠭᠯᠡᠨ᠎ᠡ᠃ ᠵᠠᠷᠢᠮ ᠬᠠᠯᠠᠭᠤᠨ ᠢ ᠠᠷᠢᠯᠭᠠᠵᠤ ᠬᠤᠣᠷ ᠢ ᠲᠠᠶᠢᠯᠬᠤ ᠦᠢᠯᠡᠳᠦᠯ ᠲᠠᠢ ᠦᠢᠯᠡᠳᠬᠦᠨ ︵ᠨᠡᠮᠡᠯᠲᠡ ᠡᠳ᠋ ᠪᠤᠶᠤ ᠬᠢᠲᠠᠳ | ᠮᠠᠯ ᠤᠨ ᠡᠮ︶ ᠢᠶᠠᠷ ᠲᠠᠬᠢᠶᠠᠨ ᠰᠦᠷᠦᠭ ᠢ ᠲᠡᠵᠢᠭᠡᠪᠡᠯ ᠲᠠᠬᠢᠶᠠᠨ ᠤ ᠭᠡᠳᠡᠰᠦᠨ ᠳᠣᠲᠣᠷᠠᠬᠢ ᠪᠠᠺᠲ᠋ᠧᠷᠢ ᠶᠢᠨ ᠲᠤᠭ᠎ᠠ ᠶᠢ ᠪᠦᠲᠦᠮᠵᠢᠲᠡᠶ ᠪᠠᠷ ᠪᠠᠭᠠᠰᠬᠠᠬᠤ ᠶᠢᠨ | ᠤᠯᠠᠮ ᠠᠴᠠ ᠪᠠᠭᠠᠰᠤ ᠰᠢᠭᠡᠰᠦᠨ ᠤ ᠰᠢᠪᠲᠦᠷ ᠤᠨ ᠬᠡᠢ ᠡᠭᠦᠰᠬᠡᠬᠦ ᠴᠢᠳᠠᠪᠤᠷᠢ ᠶᠢ ᠪᠠᠭᠤᠷᠠᠭᠤᠯᠤᠨ᠎ᠠ᠃ ᠡᠭᠦᠨ ᠠᠴᠠ ᠭᠠᠳᠠᠨ᠎ᠠ᠂ ᠲᠠᠬᠢᠶᠠᠨ ᠡᠭᠦᠷ ᠬᠤᠭᠤᠰᠤᠨ | ᠪᠠᠶᠢᠬᠤ ᠳᠤ ᠠᠳᠠᠯᠢ ᠬᠠᠷᠢᠴᠠᠯ ᠤᠨ ᠰᠦᠢᠬᠠᠨ ᠤ ᠨᠠᠪᠴᠢ᠂ ᠴᠢᠨ᠋ᠸ᠎ᠠ ᠶᠢᠨ ᠬᠠᠯᠲᠠᠷ᠂ ᠬᠥᠬᠡ ᠨᠠᠪᠴᠢ ᠶᠢ ᠰᠢᠲᠠᠭᠠᠪᠠᠯ ᠦᠮᠡᠬᠡᠢ ᠦᠨᠦᠷ ᠢ ᠠᠷᠢᠯᠭᠠᠵᠤ ᠪᠠᠺᠲ᠋ᠧᠷᠢ | ᠠᠯᠠᠬᠤ ᠳᠤ ᠪᠠᠰᠠ ᠨᠡᠯᠢᠶᠡᠳ ᠰᠠᠶᠢᠨ ᠦᠷ᠎ᠡ ᠳ᠋ᠦᠩ ᠲᠠᠢ ᠪᠠᠶᠢᠳᠠᠭ᠃ |