ᠦᠭᠡ ᠶᠢ ᠬᠤᠯᠪᠤᠬᠤ ᠪᠤᠶᠤ ᠦᠭᠦᠯᠡᠪᠦᠷᠢ ᠶᠢ ᠬᠤᠯᠪᠤᠵᠤ᠂ ᠬᠤᠭᠤᠷᠤᠨᠳᠦᠬᠢ ᠬᠠᠷᠢᠴᠠᠭ᠎ᠠ ᠶᠢ ᠨᠢ ᠢᠯᠡᠳᠭᠡᠳᠡᠭ ᠦᠭᠡ ᠶᠢ ᠬᠤᠯᠪᠤᠬᠤ ᠦᠭᠡ ᠭᠡᠨ᠎ᠡ᠃ | ᠬᠤᠯᠪᠤᠬᠤ ᠦᠭᠡ ᠶᠢᠨ ᠤᠨᠴᠠᠯᠢᠭ᠄ | 1. ᠪᠤᠳᠠᠳᠤ ᠤᠳᠬ᠎ᠠ ᠦᠭᠡᠢ︔ | 2. ᠦᠭᠡ ᠪᠤᠶᠤ ᠦᠭᠦᠯᠡᠪᠦᠷᠢ ᠶᠢ ᠬᠤᠭᠤᠷᠤᠨᠳᠤ ᠨᠢ ᠬᠤᠯᠪᠤᠳᠠᠭ᠂ ᠦᠭᠡ ᠵᠦᠢ ᠶᠢᠨ ᠬᠤᠪᠢᠯᠤᠯ ᠦᠭᠡᠢ︔ | 3. ᠦᠭᠦᠯᠡᠪᠦᠷᠢ ᠶᠢᠨ ᠭᠡᠰᠢᠭᠦᠨ ᠪᠤᠯᠬᠤ ᠦᠭᠡᠢ ᠤᠨᠴᠠᠯᠢᠭ ᠲᠠᠢ᠃ | ᠬᠤᠯᠪᠤᠬᠤ ᠦᠭᠡ ᠶᠢᠨ ᠲᠦᠷᠦᠯ ᠵᠦᠢᠯ | 1. ᠵᠡᠷᠭᠡᠴᠡᠭᠦᠯᠦᠨ ᠬᠤᠯᠪᠤᠬᠤ ᠦᠭᠡ᠄ ᠪᠠ᠂ ᠬᠢᠭᠡᠳ᠂ ᠪᠤᠯᠤᠨ᠂ ᠪᠤᠯᠤᠭᠠᠳ᠂ ᠪᠦᠭᠡᠳ᠂ ᠵᠢᠴᠢ | 2. ᠰᠤᠩᠭᠤᠨ ᠬᠤᠯᠪᠤᠬᠤ ᠦᠭᠡ᠄ ᠪᠤᠶᠤ᠂ ᠡᠰᠡᠪᠡᠯ᠂ ᠡᠰᠡᠭᠦᠯ᠎ᠡ᠂ ᠡᠰᠡᠪᠡᠰᠦ᠂ ᠨᠢᠭᠡ ᠪᠤᠯ᠂ ᠦᠭᠡᠢ ᠪᠤᠯ | 3. ᠠᠬᠢᠭᠤᠯᠤᠨ ᠬᠤᠯᠪᠤᠬᠤ ᠦᠭᠡ᠄ ᠪᠠᠷᠠᠬᠤ ᠦᠭᠡᠢ᠂ ᠪᠠᠶᠢᠳᠤᠭᠠᠢ᠂ ᠬᠠᠷᠢᠨ᠂ ᠦᠯᠦ ᠪᠠᠷᠠᠨ | 4. ᠡᠷᠭᠢᠭᠦᠯᠦᠨ ᠬᠤᠯᠪᠤᠬᠤ ᠦᠭᠡ᠄ ᠭᠡᠳᠡᠯ᠎ᠡ᠂ ᠭᠡᠪᠡᠴᠦ᠂ ᠬᠡᠳᠦ᠋ᠢᠪᠡᠷ᠂ ᠬᠠᠷᠢᠨ᠂ ᠮᠦᠷᠳᠡᠭᠡᠨ | 5. ᠪᠤᠯᠵᠤᠨ ᠬᠤᠯᠪᠤᠬᠤ ᠦᠭᠡ᠄ ᠬᠡᠷᠪᠡ᠂ ᠭᠡᠪᠡᠯ᠂ ᠭᠠᠭᠴᠠ ᠬᠦ ᠁ ᠮᠠᠨᠵᠢᠨ᠂ ᠁ ᠯᠡ ᠶᠤᠮ ᠪᠤᠯ | 6. ᠨᠦᠬᠦᠴᠡᠯ ᠰᠢᠯᠳᠠᠭᠠᠨ ᠤ ᠬᠤᠯᠪᠤᠬᠤ ᠦᠭᠡ᠄ ᠡᠶᠢᠮᠦ ᠠᠴᠠ᠂ ᠲᠡᠶᠢᠮᠦ ᠠᠴᠠ᠂ ᠡᠶᠢᠮᠦ ᠪᠤᠯᠬᠤᠷ᠂ ᠲᠡᠶᠢᠮᠦ ᠪᠤᠯᠬᠤᠷ᠂ ᠡᠶᠢᠨ ᠬᠦ᠂ ᠲᠡᠶᠢᠨ ᠬᠦ᠂ | ᠤᠴᠢᠷ ᠨᠢ | 7. ᠡᠰᠡᠷᠭᠦᠴᠡᠭᠦᠯᠦᠨ ᠬᠠᠷᠰᠢᠯᠳᠤᠭᠤᠯᠤᠨ ᠬᠤᠯᠪᠤᠬᠤ ᠦᠭᠡ᠄ ᠁ ᠪᠢᠰᠢ᠂ ᠁ ᠠᠴᠠ ᠪᠢᠰᠢ᠂ ᠁ ᠪᠤᠰᠤ᠂ ᠁ ᠠᠴᠠ ᠪᠤᠰᠤ᠂ ᠁ | ᠭᠰᠠᠨ ᠳᠤ ᠤᠷᠤᠪᠠᠯ ᠁ ᠭᠰᠠᠨ ᠨᠢ ᠲᠡᠭᠡᠷ᠎ᠡ᠂ ᠁ ᠶᠢ ᠪᠤᠳᠤᠪᠠᠯ ᠁ ᠲᠡᠭᠡᠷ᠎ᠡ᠂ ᠁ ᠬᠤ ᠪᠠᠷ ᠢᠶᠠᠨ ᠁ ᠬᠤ ᠨᠢ ᠲᠡᠭᠡᠷ᠎ᠡ |