ᠲᠠᠭᠠᠪᠤᠷᠢ ᠦᠭᠡ
ᠨᠡᠶᠢᠲᠡᠯᠡᠭᠰᠡᠨ ᠴᠠᠭ᠄
2024/12/31
       ᠦᠭᠡᠰ ᠤᠨ ᠰᠠᠩ ᠤᠨ ᠪᠤᠳᠠᠳᠤ ᠤᠳᠬ᠎ᠠ ᠦᠭᠡᠢ᠂ ᠦᠭᠦᠯᠡᠪᠦᠷᠢ ᠳᠤ ᠪᠡᠶ᠎ᠡ ᠪᠠᠨ ᠲᠠᠭᠠᠭᠠᠭᠰᠠᠨ ᠭᠡᠰᠢᠭᠦᠨ ᠪᠤᠯᠵᠤ ᠴᠢᠳᠠᠬᠤ ᠦᠭᠡᠢ᠂ ᠵᠦᠪᠬᠡᠨ ᠦᠭᠡᠰ ᠦᠭᠡᠰ ᠤᠨ ᠬᠤᠭᠤᠷᠤᠳᠤᠬᠢ ᠬᠠᠷᠢᠴᠠᠭ᠎ᠠ ᠶᠢ ᠢᠯᠡᠳᠭᠡᠳᠡᠭ ᠦᠭᠡ ᠶᠢ ᠲᠠᠭᠠᠪᠤᠷᠢ ᠦᠭᠡ ᠭᠡᠨ᠎ᠡ᠃ ᠵᠢᠱᠢᠶᠡᠯᠡᠪᠡᠯ᠄ ᠮᠤᠳᠤᠨ ᠤ ᠠᠷᠤ ᠳᠤ ᠨᠢᠭᠤᠭᠳᠠᠪᠠ᠂ ᠮᠠᠷᠭᠠᠰᠢ ᠪᠤᠯᠤᠭᠰᠠᠨ ᠤ ᠬᠤᠶᠢᠨ᠎ᠠ ᠮᠡᠳᠡᠶ᠎ᠡ ᠭᠡᠬᠦ ᠦᠭᠦᠯᠡᠪᠦᠷᠢ ᠶᠢᠨ ︽ᠠᠷᠤ᠂ ᠬᠤᠶᠢᠨ᠎ᠠ︾ ᠭᠡᠳᠡᠭ ᠦᠭᠡ ᠪᠤᠯ ᠲᠠᠭᠠᠪᠤᠷᠢ ᠦᠭᠡ ᠮᠦᠨ᠃           ᠲᠠᠭᠠᠪᠤᠷᠢ ᠦᠭᠡ ᠶᠢᠨ ᠲᠦᠷᠦᠯ ᠵᠦᠢᠯ ᠲᠠᠭᠠᠪᠤᠷᠢ ᠦᠭᠡ ᠶᠢ ᠤᠳᠬ᠎ᠠ ᠪᠠᠷ ᠨᠢ ᠲᠤᠤᠷᠠᠬᠢ ᠮᠡᠳᠦ ᠬᠡᠳᠦᠨ ᠵᠦᠢᠯ ᠬᠤᠪᠢᠶᠠᠳᠠᠭ᠃       1. ᠴᠠᠭ ᠤᠨ ᠲᠠᠭᠠᠪᠤᠷᠢ ᠦᠭᠡ᠄ ᠬᠤᠭᠤᠷᠤᠨᠳᠤ᠂ ᠲᠠᠷᠠᠭ᠎ᠠ᠂ ᠲᠤᠷᠰᠢ᠂ ᠵᠠᠭᠤᠷ᠎ᠠ           2. ᠤᠷᠤᠨ ᠤ ᠲᠠᠭᠠᠪᠤᠷᠢ ᠦᠭᠡ᠄ ᠦᠭᠡᠳᠡ᠂ ᠤᠷᠤᠭᠤ᠂ ᠲᠠᠭᠠᠤ           3. ᠵᠤᠷᠢᠯᠭ᠎ᠠ ᠶᠢᠨ ᠲᠠᠭᠠᠪᠤᠷᠢ ᠦᠭᠡ᠄ ᠲᠦᠯᠦᠭᠡ           4. ᠰᠢᠯᠳᠠᠭᠠᠨ ᠤ ᠲᠠᠭᠠᠪᠤᠷᠢ ᠦᠭᠡ᠄ ᠲᠤᠯᠠ᠂ ᠲᠤᠯᠠᠳᠠ᠂ ᠪᠤᠯᠬᠤᠷ᠂ ᠤᠴᠢᠷ           5. ᠠᠳᠠᠯᠢᠳᠬᠠᠬᠤ ᠲᠠᠭᠠᠪᠤᠷᠢ ᠦᠭᠡ᠄ ᠰᠢᠭ᠋᠂ ᠰᠢᠭ᠂ ᠮᠡᠳᠦ᠂ ᠴᠢᠨᠡᠭᠡ᠂ ᠬᠢᠷᠢ           6. ᠲᠦᠢᠮᠤᠯᠠᠬᠤ ᠲᠠᠭᠠᠪᠤᠷᠢ ᠦᠭᠡ᠄ ᠭᠠᠷᠤᠢ᠂ ᠰᠢᠬᠠᠮ᠂ ᠤᠷᠴᠢᠮ           7. ᠬᠢᠵᠠᠭᠠᠷᠯᠠᠬᠤ ᠲᠠᠭᠠᠪᠤᠷᠢ ᠦᠭᠡ᠄ ᠪᠤᠯᠳᠠᠯ᠎ᠠ᠂ ᠲᠤᠯᠳᠠᠯ᠎ᠠ᠂ ᠬᠦᠷᠳᠡᠯ᠎ᠡ           8. ᠬᠤᠷᠢᠶᠠᠬᠤ ᠲᠠᠭᠠᠪᠤᠷᠢ ᠦᠭᠡ᠄ ᠵᠡᠷᠭᠡ᠂ ᠪᠤᠯᠭᠠᠨ᠂ ᠪᠦᠷᠢ           9. ᠲᠠᠭᠤᠷᠢᠶᠠᠬᠤ ᠲᠠᠭᠠᠪᠤᠷᠢ ᠦᠭᠡ᠄ ᠶᠤᠰᠤᠭᠠᠷ           10. ᠬᠠᠮᠳᠤᠷᠠᠬᠤ ᠲᠠᠭᠠᠪᠤᠷᠢ ᠦᠭᠡ᠄ ᠬᠠᠮᠳᠤ           11. ᠬᠠᠮᠢᠶᠠᠳᠠᠭᠤᠯᠬᠤ ᠲᠠᠭᠠᠪᠤᠷᠢ ᠦᠭᠡ᠄ ᠲᠤᠬᠠᠢ ᠭᠡᠬᠦ ᠮᠡᠳᠦ᠃
ᠢᠷᠡᠯᠲᠡ᠄ ᠤᠯᠠᠭᠠᠠᠬᠠᠳᠠ ᠬᠤᠳᠠ ᠶᠢᠨ ᠵᠠᠰᠠᠭ ᠤᠨ ᠤᠷᠳᠤᠨ