ᠮᠣᠩᠭᠤᠯ ᠠᠶᠢᠯ ᠤᠨ ᠡᠭᠦᠳᠡᠨ ᠴᠡᠭᠡᠷ
ᠨᠡᠶᠢᠲᠡᠯᠡᠭᠰᠡᠨ ᠴᠠᠭ᠄
2024/12/24
       ᠡᠭᠦᠳᠡ ᠪᠠᠨ ᠬᠦᠴᠦᠲᠡᠢ ᠨᠡᠭᠡᠭᠡᠵᠦ ᠬᠠᠭᠠᠬᠤ ᠶᠢ ᠴᠡᠭᠡᠷᠯᠡᠳᠡᠭ᠃ ᠢᠩᠭᠢᠪᠡᠯ ᠶᠣᠰᠣ ᠵᠦᠢ ᠮᠡᠳᠡᠬᠦ ᠦᠭᠡᠢ ᠪᠤᠶᠤ ᠳᠤᠷ᠎ᠠ ᠦᠭᠡᠶᠢᠴᠡᠭᠰᠡᠨ ᠤ ᠪᠣᠳᠠᠲᠤ ᠢᠯᠡᠷᠡᠯ ᠪᠣᠯᠣᠨ᠎ᠠ᠃                 ᠡᠭᠦᠳᠡ ᠰᠡᠬᠦᠵᠦ ᠣᠷᠣᠬᠤ ᠳᠤ ᠪᠠᠨ ᠪᠤᠷᠤᠭᠤ ︵ᠪᠠᠷᠠᠭᠤᠨ︶ ᠲᠠᠯ᠎ᠠ ᠶᠢ ᠴᠡᠭᠡᠷᠯᠡᠨ᠎ᠡ᠃ ᠵᠥᠪ ︵ᠵᠡᠭᠦᠨ︶ ᠲᠠᠯ᠎ᠠ ᠶᠢ ᠰᠡᠬᠦᠵᠦ ᠣᠷᠣᠨ᠎ᠠ᠃ ᠦᠭᠡᠢ ᠪᠣᠯ ︽ᠵᠠᠭᠤ ᠬᠦᠷᠲᠡᠯ᠎ᠡ ᠲᠤᠭ᠎ᠠ ᠮᠡᠳᠡᠬᠦ ᠦᠭᠡᠢ᠂ ᠵᠡᠭᠦᠨᠰᠢ ᠪᠠᠷᠠᠭᠤᠨᠰᠢ ᠵᠦᠭ ᠢᠯᠭᠠᠬᠤ ᠦᠭᠡᠢ ᠬᠥᠮᠥᠨ︾ ᠭᠡᠵᠦ ᠵᠢᠮᠡᠯᠡᠭᠳᠡᠨ᠎ᠡ᠃       ᠡᠭᠦᠳᠡᠨ ᠤ ᠪᠤᠷᠤᠭᠤ ᠲᠠᠯ᠎ᠠ ᠪᠠᠷ ᠭᠠᠷᠬᠤ ᠶᠢ ᠴᠡᠭᠡᠷᠯᠡᠨ᠎ᠡ᠃ ᠭᠠᠷᠤᠵᠠ ᠲᠠᠢ ᠪᠣᠯᠣᠨ᠎ᠠ ᠭᠡᠬᠦ ᠪᠤᠶᠤ ᠳᠣᠮ ᠬᠠᠷᠢᠭᠤᠯᠤᠯᠭ᠎ᠠ ᠬᠢᠬᠦ ᠶᠠᠭᠤᠮ᠎ᠠ ᠶᠢ ᠡᠭᠦᠳᠡᠨ ᠪᠤᠷᠤᠭᠤ ᠲᠠᠯ᠎ᠠ ᠪᠠᠷ ᠭᠠᠷᠭᠠᠳᠠᠭ ᠲᠤᠯᠠ ᠴᠢᠳᠬᠦᠷ ᠤᠨ ᠶᠠᠪᠤᠬᠤ ᠲᠠᠯ᠎ᠠ ᠬᠡᠮᠡᠨ ᠠᠮᠢᠳᠤ ᠬᠥᠮᠥᠨ ᠭᠠᠷᠳᠠᠭ ᠦᠭᠡᠢ᠃       ᠡᠭᠦᠳᠡ ᠪᠠᠷ ᠤᠬᠤᠷᠢᠵᠤ ᠣᠷᠣᠬᠤ ᠶᠢ ᠴᠡᠭᠡᠷᠯᠡᠨ᠎ᠡ᠃                 ᠡᠭᠦᠳᠡ ᠠᠯᠳᠠᠯᠠᠵᠤ ᠵᠤᠭᠰᠤᠬᠤ ᠶᠢ ᠴᠡᠭᠡᠷᠯᠡᠨ᠎ᠡ᠃                 ᠡᠭᠦᠳᠡ ᠪᠠᠷ ᠱᠠᠭᠠᠶᠢᠵᠤ ᠥᠩᠭᠡᠶᠢᠬᠦ ᠶᠢ ᠴᠡᠭᠡᠷᠯᠡᠨ᠎ᠡ᠃                 ᠡᠭᠦᠳᠡ ᠪᠠᠷ ᠤᠰᠤ ᠠᠰᠬᠠᠬᠤ ᠶᠢ ᠴᠡᠭᠡᠷᠯᠡᠨ᠎ᠡ᠃                 ᠡᠭᠦᠳᠡ ᠲᠤᠰᠴᠤ ᠠᠰᠯᠠᠵᠤ ᠰᠠᠭᠤᠬᠤ ᠶᠢ ᠴᠡᠭᠡᠷᠯᠡᠨ᠎ᠡ᠃                 ᠡᠭᠦᠳᠡᠨ ᠠᠴᠠ ᠡᠮᠦᠨᠡᠰᠢ ᠡᠭᠦᠳᠡ ᠭᠤᠣᠯᠳᠠᠵᠤ ᠭᠠᠳᠠᠭᠠᠯᠠᠬᠤ ᠶᠢ ᠴᠡᠭᠡᠷᠯᠡᠨ᠎ᠡ᠃                 ᠡᠭᠦᠳᠡᠨ ᠳᠡᠭᠡᠷ᠎ᠡ ᠪᠠᠨ ᠬᠤᠭᠤᠰᠤᠨ ᠰᠠᠪᠠ ᠳᠡᠭᠡᠭᠰᠢ ᠬᠠᠨᠳᠤᠭᠤᠯᠤᠨ ᠲᠠᠯᠪᠢᠬᠤ ᠶᠢ ᠴᠡᠭᠡᠷᠯᠡᠨ᠎ᠡ᠃                 ᠡᠷᠬᠡᠪᠰᠢ ᠬᠥᠮᠥᠷᠢᠵᠦ ᠲᠠᠯᠪᠢᠬᠤ ᠶᠣᠰᠣ ᠲᠠᠢ᠃ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ