ᠬᠤᠨᠢ ᠢᠮᠠᠭ᠎ᠠ ᠰᠤᠷᠭᠠᠬᠤ
ᠨᠡᠶᠢᠲᠡᠯᠡᠭᠰᠡᠨ ᠴᠠᠭ᠄
2024/12/24
       ᠵᠤᠨ ᠤ ᠤᠯᠠᠷᠢᠯ ᠳᠤ ᠬᠤᠨᠢ ᠢᠮᠠᠭ᠎ᠠ ᠶᠢ ᠲᠣᠯᠣᠭᠠᠢ ᠶᠢ ᠨᠢ ᠵᠥᠷᠢᠭᠦᠯᠦᠨ ᠵᠥᠭᠡᠯᠡᠨ ᠳᠡᠭᠡᠰᠦ ᠪᠠᠷ ᠬᠤᠯᠪᠣᠭᠠᠳ ᠰᠠᠭᠠᠳᠠᠭ᠃ ᠵᠠᠷᠢᠮ ᠬᠤᠨᠢ ᠢᠮᠠᠭ᠎ᠠ ᠡᠬᠢᠯᠡᠵᠦ ᠬᠤᠯᠪᠣᠬᠤ ᠦᠶ᠎ᠡ ᠳᠤ ᠬᠤᠯᠪᠣᠭᠠᠰᠤᠨ ᠳᠤ ᠪᠠᠨ ᠳᠠᠰᠬᠤ ᠦᠭᠡᠢ ᠳᠣᠭᠰᠢᠷᠠᠬᠤ ᠦᠶ᠎ᠡ ᠳᠤ︽ᠬᠤᠯᠪᠤᠢ ᠬᠤᠯᠪᠤᠢ︾ ᠭᠡᠵᠦ ᠬᠤᠯᠪᠤᠶᠢᠯᠠᠨ ᠵᠥᠭᠡᠯᠡᠨ ᠵᠥᠭᠡᠯᠡᠨ ᠲᠦᠯᠬᠢᠬᠦ ᠪᠤᠶᠤ ᠴᠣᠬᠢᠬᠤ ᠳᠤ ᠠᠭᠠᠵᠢᠮ ᠢᠶᠠᠷ ᠨᠣᠮᠣᠬᠠᠷᠠᠨ ᠳᠠᠰᠳᠠᠭ᠃ ᠨᠡᠯᠢᠶᠡᠳ ᠬᠤᠨᠤᠭ ᠥᠩᠭᠡᠷᠡᠭᠡᠳ ᠬᠤᠨᠢᠳ ᠬᠤᠯᠪᠣᠭᠠᠨ ᠳᠤ ᠪᠠᠨ ᠣᠴᠢᠵᠤ ᠨᠣᠮᠣᠬᠠᠨ ᠵᠣᠭᠰᠣᠵᠤ ᠥᠭᠳᠡᠭ ᠪᠣᠯᠣᠨ᠎ᠠ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ