ᠠᠮᠢᠳᠤᠷᠠᠯ ᠪᠣᠯ ᠠᠬᠢᠭᠠᠳ ᠪᠤᠴᠠᠰᠢ ᠦᠭᠡᠢ ᠰᠣᠩᠭᠤᠯᠲᠠ
ᠨᠡᠶᠢᠲᠡᠯᠡᠭᠰᠡᠨ ᠴᠠᠭ᠄
2024/12/23
       ᠠᠮᠢᠳᠤᠷᠠᠯ ᠤᠨ ᠮᠥᠴᠡ ᠪᠦᠷᠢ ᠳᠤ ᠣᠯᠠᠨ ᠰᠣᠩᠭᠤᠯᠲᠠ ᠲᠣᠬᠢᠶᠠᠯᠳᠤᠨ᠎ᠠ᠃ ᠠᠵᠢᠯ ᠤᠨ ᠭᠠᠵᠠᠷ ᠲᠠᠭᠠᠨ ᠶᠠᠪᠤᠬᠤ ᠳᠠᠭᠠᠨ ᠠᠯᠢ ᠰᠠᠶᠢᠬᠠᠨ ᠡᠮᠦᠰᠬᠡᠯ ᠵᠠᠰᠠᠯ  ᠢᠶᠠᠷ ᠢᠶᠠᠨ ᠭᠤᠶᠣᠯᠠᠬᠤ ᠭᠡᠳ ᠪᠢᠳᠡ ᠠᠪᠳᠠᠷ᠎ᠠ ᠬᠤᠷᠭᠤ ᠪᠠᠨ ᠣᠩᠭᠢᠴᠠᠨ ᠰᠢᠯ ᠲᠣᠯᠢᠨ ᠤ ᠡᠮᠦᠨ᠎ᠡ ᠰᠢᠯᠭᠠᠵᠤ ᠶᠠᠩᠵᠤᠯᠠᠬᠤ ᠪᠥᠭᠡᠳ ᠡᠷᠬᠡᠯᠡᠵᠦ ᠥᠰᠦᠭᠰᠡᠨ ᠨᠢᠭᠡ  ᠨᠢ ᠪᠠᠰᠠ ᠬᠤᠭᠤᠯᠠ ᠤᠮᠳᠠ ᠪᠠᠨ ᠭᠦᠷᠲᠡᠯ᠎ᠡ ᠰᠣᠩᠭᠤᠵᠤ ᠭᠤᠯᠣᠳᠠᠭ ᠵᠠᠩ ᠲᠠᠢ᠃ ᠡᠭᠦᠪᠡᠷ ᠦᠯᠦ ᠪᠠᠷᠠᠮ ᠠᠮᠠᠷᠠᠭ ᠬᠠᠨᠢ᠂ ᠠᠰᠠᠷ ᠪᠠᠶᠢᠷᠢ᠂ ᠠᠨᠳᠠ ᠨᠥᠬᠦᠷ ᠁ ᠭᠡᠬᠦᠴᠢᠯᠡᠨ ᠢ ᠪᠢᠳᠡ ᠪᠦᠷ ᠠᠬᠢᠨ ᠲᠠᠭᠢᠨ ᠬᠢᠨᠠᠵᠤ᠂ ᠲᠠᠭᠢᠨ ᠠᠬᠢᠨ ᠰᠡᠳᠬᠢᠵᠦ ᠪᠤᠲᠣᠯ ᠨᠡᠶᠢᠯᠡᠵᠦ ᠰᠠᠨᠠᠭᠠᠨ ᠳᠤ ᠲᠠᠭᠠᠷᠠᠬᠰᠠᠨ ᠢᠶᠠᠨ ᠰᠣᠩᠭᠤᠬᠤ ᠪᠥᠭᠡᠳ ᠣᠯᠳᠣᠢ ᠮᠢᠨᠤ ᠡᠪᠯᠡᠭᠦᠯᠵᠦ ᠪᠢᠴᠢᠭᠰᠡᠨ ᠡᠨᠡ ᠬᠡᠳᠦᠨ ᠮᠥᠷ ᠢ ᠴᠦ ᠤᠩᠰᠢᠵᠤ ᠰᠣᠨᠢᠷᠬᠠᠬᠤ ᠡᠰᠡᠬᠦ ᠪᠠᠨ ᠣᠩᠰᠢᠬᠴᠢ ᠮᠡᠷᠭᠡᠳ ᠦᠪᠡᠰᠦᠪᠡᠨ ᠰᠣᠩᠭᠤᠵᠤ ᠲᠣᠭᠲᠠᠭᠠᠳᠠᠭ᠃                 ︽ᠰᠠᠶᠢᠨ ᠰᠢᠪᠠᠭᠤ ᠮᠣᠳᠣ ᠶᠢ ᠦᠵᠡᠵᠦ ᠰᠠᠭᠤᠨ᠎ᠠ︾ ᠭᠡᠵᠦ ᠬᠠᠭᠤᠴᠢ ᠦᠭᠡᠨ ᠳᠤ ᠶᠠᠷᠢᠳᠠᠭ᠃ ᠬᠥᠮᠥᠨ ᠢ ᠨᠡᠩ ᠶᠠᠭᠤᠨ ᠬᠡᠯᠡᠬᠦᠪ︖ ᠰᠠᠶᠢᠨ ᠢ ᠬᠦᠰᠡᠵᠦ᠂ ᠰᠠᠶᠢᠬᠠᠨ ᠳᠤ ᠬᠦᠷᠬᠦ ᠶᠢᠨ ᠲᠥᠯᠥᠭᠡ ᠰᠢᠯᠢᠵᠦ ᠰᠣᠩᠭᠤᠬᠤ ᠪᠣᠯ ᠰᠠᠷᠠᠭᠤᠯ ᠤᠬᠠᠭᠠᠨᠲᠤ ᠬᠥᠮᠥᠰ ᠤᠨ ᠵᠦᠢ᠃ ᠠᠮᠢᠳᠤᠷᠠᠯ ᠴᠣᠬᠤᠮ ᠵᠥᠭᠡᠢ ᠶᠢᠨ ᠪᠠᠯ ᠰᠢᠭ᠋ ᠠᠮᠲᠠᠲᠠᠢ ᠶᠤᠮ ᠤᠤ ᠠᠯᠢ ᠡᠰᠡᠬᠦᠯ᠎ᠡ ᠰᠥᠰᠥ ᠳᠣᠯᠢᠶᠠᠭᠰᠠᠨ ᠮᠡᠲᠦ ᠭᠠᠰᠢᠭᠤᠨ ᠶᠤᠮ ᠤᠤ ᠭᠡᠰᠡᠨ ᠢ ᠰᠢᠯᠭᠠᠵᠤ ᠲᠤᠷᠰᠢᠬᠤ ᠶᠢᠨ ᠤᠴᠢᠷ ᠴᠢ ᠪᠢᠲᠡ ᠣᠯᠠᠨ ᠲᠠᠭᠢᠨ ᠰᠣᠩᠭᠤᠯᠲᠠ ᠬᠢᠵᠦ᠂ ᠥᠪᠡᠷ ᠢ ᠪᠠᠨ ᠰᠣᠷᠢᠵᠤ ᠰᠢᠯᠭᠠᠳᠠᠭ᠃ ᠲᠡᠭᠡᠭᠦ ᠳᠡᠭᠡᠨ ᠵᠠᠷᠢᠮ ᠰᠣᠩᠭᠤᠯᠲᠠ ᠶᠢ ᠨᠢ ᠴᠠᠭ ᠵᠠᠭᠤᠷ᠎ᠠ ᠶᠢᠨ ᠬᠤᠭᠤᠷᠣᠨᠳᠤ ᠰᠢᠢᠳᠴᠦ ᠲᠣᠭᠲᠠᠭᠠᠳᠠᠭ ᠠᠲᠠᠯ᠎ᠠ ᠬᠠᠶᠠ ᠵᠠᠷᠢᠮ ᠢ ᠨᠢ ᠬᠡᠳᠦᠨ ᠦᠶ᠎ᠡ ᠶᠢᠨ ᠬᠥᠮᠥᠰ ᠤᠨ ᠬᠥᠯᠥᠰᠦ ᠭᠦᠲᠡᠯᠮᠦᠷᠢ ᠵᠠᠷᠤᠴᠠᠭᠤᠯᠵᠤ᠂ ᠬᠡᠲᠦᠷᠬᠡᠢ ᠥᠨᠳᠥᠷ ︽ᠦᠨ᠎ᠡ︾ ᠪᠠᠷ ᠰᠣᠯᠢᠵᠤ ᠠᠪᠴᠢᠷᠠᠳᠠᠭ ᠪᠢᠯᠡ᠃                 ᠠᠳᠠᠯᠢ ᠪᠤᠰᠤ ᠶᠢᠨ ᠰᠣᠩᠭᠤᠯᠲᠠ ᠡᠷᠡᠰ ᠣᠨᠳᠣᠣ ᠬᠤᠶᠠᠷ ᠳ᠋ᠦᠩ ᠳᠤ ᠬᠦᠷᠭᠡᠳᠡᠭ᠃ ︽ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ︾ ᠭᠡᠰᠡᠨ ᠳᠠᠭᠤᠤ ᠪᠤᠢ᠃ ᠵᠥᠪ ᠰᠣᠩᠭᠤᠯᠲᠠ ᠵᠦᠢᠲᠡᠢ ᠴᠢᠷᠮᠠᠶᠢᠯᠭ᠎ᠠ ᠶᠢ ᠬᠥᠲᠥᠯᠵᠦ ᠵᠢᠳᠬᠦᠯ ᠪᠦᠲᠦᠭᠡᠯ ᠤᠨ ᠥᠨᠳᠥᠷ ᠣᠷᠭᠢᠯ ᠳᠤ ᠭᠢᠯᠠᠯᠵᠠᠭᠤᠯᠳᠠᠭ ᠵᠢᠮ᠎ᠡ ᠲᠠᠢ᠃ ᠡᠰᠡᠷᠭᠦ  ᠪᠠᠷ ᠵᠦᠭ ᠴᠢᠭᠯᠡᠯ ᠢᠶᠠᠨ ᠪᠤᠷᠤᠭᠤ ᠰᠣᠩᠭᠤᠪᠠᠯ ᠴᠣᠬᠤᠮ ︽ᠪᠤᠷᠤᠭᠤ ᠵᠠᠮ ᠢᠶᠠᠷ ᠪᠤᠳᠠᠭ᠎ᠠ ᠲᠡᠭᠡᠭᠡᠵᠦ ᠪᠤᠴᠠᠬᠤ ᠵᠠᠮ ᠳᠠᠭᠠᠨ ᠰᠢᠷᠣᠢ ᠲᠡᠭᠡᠭᠡᠭᠰᠡᠨ︾ ᠦᠯᠢᠭᠡᠷ ᠪᠤᠯᠬᠤ ᠭᠡᠵᠦ ᠮᠡᠳᠡ᠃ ᠡᠭᠦᠨ ᠤ ᠵᠢᠱᠢᠶ᠎ᠡ ᠨᠢ ᠪᠢᠳᠡᠨ ᠤ ᠡᠷᠭᠢᠨ ᠲᠣᠭᠤᠷᠢᠨ ᠳᠤ ︽ᠠᠢ ᠳ᠋ᠠ᠂ ᠲᠡᠷᠡ ᠦᠶ᠎ᠡ ᠳᠤ ᠁︾︽ᠬᠡᠷᠪᠡ ᠁︾ ᠭᠡᠵᠦ ᠥᠪᠡᠷ ᠤᠨ ᠢᠶᠠᠨ ᠠᠨᠳᠠᠭᠤ ᠪᠤᠷᠤᠭᠤ ᠰᠣᠩᠭᠤᠯᠲᠠ ᠶᠢᠨ ᠢᠶᠠᠨ ᠬᠤᠶᠢᠨ᠎ᠠ ᠠᠴᠠ ᠠᠮᠠ ᠪᠠᠨ ᠪᠠᠷᠢᠨ ᠭᠠᠰᠠᠯᠵᠤ ᠬᠠᠷᠠᠮᠰᠠᠵᠤ ᠭᠠᠰᠢᠭᠤᠳᠠᠭᠰᠠᠨ ᠦᠯᠢᠭᠡᠷ ᠤᠴᠠᠷᠠᠯ ᠥᠭᠦᠯᠡᠵᠦ ᠳᠡᠯᠭᠡᠨ᠎ᠡ᠃ ᠶᠠᠭ ᠡᠶᠢᠮᠦ  ᠠᠴᠠ ︽ᠬᠥᠮᠥᠨ ᠤ ᠠᠮᠢᠳᠤᠷᠠᠯ ᠳᠠᠬᠢ ᠬᠠᠮᠤᠭ ᠠᠴᠠ ᠬᠦᠴᠢᠷ ᠲᠦᠪᠡᠭ ᠵᠦᠢᠯ ᠪᠣᠯ ᠰᠣᠩᠭᠤᠯᠲᠠ ᠮᠥᠨ︾ ᠭᠡᠵᠦ ᠲᠣᠮᠠᠰ · ᠮᠣᠸᠢᠷ ᠳ᠋ᠦᠩᠨᠡᠵᠦ ᠥᠭᠦᠯᠡᠭᠰᠡᠨ ᠶᠤᠮ᠃       ᠰᠣᠷᠣᠬᠴᠢᠳ ᠰᠢᠯᠭᠠᠯᠲᠠ ᠶᠢᠨ ᠬᠠᠭᠤᠳᠠᠰᠤᠨ ᠳᠠᠬᠢ ᠰᠣᠩᠭᠤᠯᠲᠠ ᠪᠠᠨ ᠪᠤᠷᠤᠭᠤ ᠬᠠᠷᠢᠭᠤᠯᠪᠠᠯ ᠪᠠᠯᠠᠯᠵᠤ ᠪᠠᠶᠢᠭᠠᠳ ᠲᠠᠭᠢᠨ ᠰᠣᠩᠭᠤᠵᠤ ᠪᠤᠯᠲᠠᠬ᠃ ᠭᠡᠪᠡᠴᠦ ᠠᠮᠢᠳᠤᠷᠠᠯ ᠭᠡᠬᠦ ᠬᠠᠲᠠᠭᠤ ᠰᠢᠯᠭᠠᠯᠲᠠ ᠬᠡᠨ ᠬᠥᠮᠥᠨ ᠢ ᠴᠦ ᠡᠷᠬᠡᠯᠡᠭᠦᠯᠵᠦ ᠣᠨᠴᠠᠭᠠᠶᠢᠷᠠᠳᠠᠭ ᠦᠭᠡᠢ᠃ ᠵᠥᠪ ᠶᠠᠪᠤᠬᠤ ᠶᠢᠨ ᠲᠤᠯᠠᠳᠠ ᠵᠥᠪ ᠣᠨᠣᠪᠴᠢᠲᠠᠢ ᠰᠣᠩᠭᠤᠯᠲᠠ ᠬᠢᠬᠦ ᠬᠡᠷᠡᠭ ᠲᠠᠢ ᠪᠥᠭᠡᠳ ᠵᠥᠪ ᠰᠣᠩᠭᠤᠯᠲᠠ ᠬᠢᠬᠦ ᠳᠤ ᠵᠣᠷᠢᠭ ᠤᠬᠠᠭᠠᠨ ᠱᠠᠭᠠᠷᠳᠠᠨ᠎ᠠ᠃ ᠣᠯᠠᠨ ᠲᠠᠭᠢᠨ ᠤᠳᠠᠭᠠᠨ ᠤ ᠰᠣᠩᠭᠤᠯᠲᠠ ᠠᠴᠠ ᠪᠢᠲᠡ ᠠᠮᠢᠳᠤᠷᠠᠯ ᠤᠨ ᠭᠠᠰᠢᠭᠤᠨ ᠢ ᠠᠮᠲᠠᠯᠠᠨ ᠬᠠᠰᠢᠷᠵᠢᠬᠤ ᠶᠢᠨ ᠤᠯᠠᠮ ᠠᠴᠠ ᠥᠪᠡᠷ ᠤᠨ ᠢᠶᠠᠨ ᠬᠠᠷᠠᠯᠲᠠ ᠪᠠᠨ ᠲᠣᠭᠲᠠᠭᠠᠵᠤ᠂ ᠤᠷᠤᠭᠰᠢᠯᠠᠬᠤ ᠴᠢᠭᠯᠡᠯ ᠢᠶᠠᠨ ᠣᠯᠳᠠᠭ᠃ ᠡᠰᠡ ᠲᠡᠭᠡᠪᠡᠯ ᠬᠠᠷ᠎ᠠ ᠬᠦᠴᠦ ᠪᠠᠷ ᠵᠢᠳᠬᠦᠵᠦ᠂ ᠬᠠᠲᠠ ᠮᠥᠷᠭᠦᠨ ᠪᠦᠳᠦᠷᠢᠬᠦ ᠪᠥᠭᠡᠳ ᠬᠠᠶᠠ ᠵᠠᠷᠢᠮ ᠳᠠᠭᠠᠨ ︽ᠡᠯᠵᠢᠭᠡ ᠴᠦ ᠦᠭᠡᠢ ᠭᠤᠷᠪᠠᠨ ᠯᠠᠩ ᠴᠦ ᠦᠭᠡᠢ︾ ᠢᠨᠢᠶᠡᠳᠦᠮ ᠱᠤᠭ ᠪᠤᠯᠬᠤ ᠤᠴᠢᠷ ᠴᠦ ᠪᠤᠢ᠃ ᠡᠨᠡ ᠬᠦ ᠤᠳᠬ᠎ᠠ ᠠᠴᠠ ᠥᠭᠦᠯᠡᠬᠦ ᠳᠤ ᠵᠥᠪ ᠰᠣᠩᠭᠤᠯᠲᠠ ᠬᠢᠭᠡᠳ ᠵᠦᠢᠲᠡᠢ ᠴᠢᠷᠮᠠᠶᠢᠯᠭ᠎ᠠ ᠪᠣᠯ ᠠᠳᠠᠯᠢ ᠰᠠᠴᠠᠭᠤ ᠦᠢᠯᠡᠳᠦᠯ ᠲᠠᠢ ᠪᠠᠶᠢᠵᠤ ᠲᠠᠭᠠᠷᠠᠨ᠎ᠠ᠃                 ᠠᠮᠢᠳᠤᠷᠠᠯ ᠪᠣᠯ ᠠᠬᠢᠭᠠᠳ ᠪᠤᠴᠠᠰᠢ ᠦᠭᠡᠢ ᠰᠣᠩᠭᠤᠯᠲᠠ ᠮᠥᠨ᠃ ᠭᠡᠨᠡᠳᠡᠬᠦ ᠦᠭᠡᠢ᠂ ᠪᠦᠳᠦᠷᠢᠬᠦ ᠦᠭᠡᠢ ᠪᠠᠷ ᠭᠡᠭᠡᠨ ᠢᠷᠡᠭᠡᠳᠦᠢ ᠪᠠᠨ ᠤᠭᠲᠤᠬᠤ ᠭᠡᠪᠡᠯ ᠪᠢᠳᠡ ᠠᠬᠢᠨ ᠲᠠᠭᠢᠨ ᠲᠤᠩᠭᠠᠵᠤ ᠣᠨᠣᠪᠴᠢᠲᠠᠢ ᠰᠣᠩᠭᠤᠯᠲᠠ ᠬᠢᠬᠦ ᠶᠢ ᠵᠥᠪᠯᠡᠶ᠎ᠡ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ