ᠠᠷᠭᠠᠯ ᠲᠦᠯᠡᠰᠢ
ᠨᠡᠶᠢᠲᠡᠯᠡᠭᠰᠡᠨ ᠴᠠᠭ᠄
2024/12/23
       ᠲᠠᠪᠤᠨ ᠬᠤᠰᠢᠭᠤ ᠮᠠᠯ ᠤᠨ ᠪᠠᠭᠠᠰᠤ ᠶᠢ ᠠᠳᠠᠯᠢ ᠪᠤᠰᠤ ᠪᠠᠷ ᠨᠡᠷᠡᠯᠡᠳᠡᠭ᠃ ᠬᠤᠨᠢ᠂ ᠢᠮᠠᠭ᠎ᠠ᠂ ᠲᠡᠮᠡᠭᠡᠨ ᠤ ᠬᠢ ᠶᠢ ᠬᠤᠷᠭᠤᠯ ᠭᠡᠨ᠎ᠡ᠃ ᠦᠬᠡᠷ ᠤᠨ ᠬᠢ ᠶᠢ ᠪᠠᠭᠠᠰᠤ ᠭᠡᠵᠦ᠂ ᠠᠳᠤᠭᠤᠨ ᠤ ᠬᠢ ᠶᠢ ᠲᠣᠨᠲᠤᠭᠤᠯ ᠭᠡᠨ᠎ᠡ᠃                 ᠬᠤᠨᠢ ᠢᠮᠠᠭᠠᠨ ᠤ ᠬᠤᠷᠭᠤᠯ ᠢ ᠡᠪᠦᠯ ᠬᠥᠯᠳᠡᠭᠦᠦ ᠪᠠᠷ ᠨᠢ ᠲᠦᠯᠡᠨ᠎ᠡ᠃ ᠡᠪᠦᠯ ᠤᠨ ᠤᠯᠠᠷᠢᠯ ᠳᠤ ᠬᠤᠷᠭᠤᠯ ᠭᠢᠰᠬᠢᠯᠡᠭᠳᠡᠨ ᠬᠡᠮᠬᠡᠷᠡᠵᠦ᠂ ᠮᠠᠯ ᠤᠨ ᠰᠢᠭᠡᠰᠦ ᠪᠣᠯᠣᠨ ᠴᠠᠰᠤ ᠲᠠᠢ ᠬᠤᠯᠢᠯᠳᠤᠨ ᠬᠠᠲᠠᠭᠤᠷᠠᠭᠰᠠᠨ ᠢ ᠰᠢᠭᠵᠢᠷ ᠭᠡᠳᠡᠭ᠃ ᠲᠡᠭᠦᠨ ᠢ ᠬᠡᠰᠡᠭᠯᠡᠵᠦ ᠬᠠᠲᠠᠭᠠᠭᠠᠳ ᠡᠪᠦᠯ ᠲᠦᠯᠡᠬᠦ ᠳᠤ ᠢᠯᠴᠢ ᠶᠡᠭᠡ ᠪᠠᠶᠢᠳᠠᠭ᠃ ᠬᠤᠷᠭᠤᠯ ᠤᠨ ᠬᠡᠮᠬᠡᠷᠡᠨ ᠨᠤᠨᠳᠠᠭ ᠪᠣᠯᠤᠭᠰᠠᠨ ᠢ ᠬᠡᠮᠢᠭ︵ᠬᠤᠮᠤᠭ︶ ᠭᠡᠨ᠎ᠡ᠃ ᠲᠡᠭᠦᠨ ᠢ ᠬᠠᠲᠠᠭᠠᠵᠤ ᠬᠠᠳᠠᠭᠠᠯᠠᠭᠠᠳ ᠬᠦᠢᠲᠡᠨ ᠳᠤ ᠦᠬᠡᠷ ᠲᠡᠮᠡᠭᠡᠨ ᠳᠤ ᠳᠡᠪᠢᠰᠬᠡᠷ ᠪᠣᠯᠭᠠᠳᠠᠭ᠃                 ᠦᠬᠡᠷ ᠤᠨ ᠪᠠᠭᠠᠰᠤᠨ ᠤ ᠡᠪᠦᠯ ᠤᠨ ᠬᠢ ᠶᠢ ᠬᠦᠢᠲᠡᠰᠦ ᠭᠡᠵᠦ᠂ ᠬᠠᠲᠠᠭᠠᠭᠰᠠᠨ ᠢ ᠨᠢ ᠠᠷᠭᠠᠯ ᠭᠡᠨ᠎ᠡ᠃ ᠠᠷᠭᠠᠯ ᠢ ᠬᠠᠪᠤᠷ ᠤᠨ ᠬᠢ ᠶᠢ ᠨᠢ ᠬᠠᠷ᠎ᠠ ᠠᠷᠭᠠᠯ᠂ ᠵᠤᠨ᠂ ᠨᠠᠮᠤᠷ ᠤᠨ ᠬᠢ ᠶᠢ ᠨᠢ ᠰᠢᠷ᠎ᠠ ᠠᠷᠭᠠᠯ᠂ ᠡᠪᠦᠯ ᠤᠨ ᠬᠢ ᠶᠢ ᠨᠢ ᠤᠯᠠᠭᠠᠨ ᠠᠷᠭᠠᠯ ᠭᠡᠵᠦ᠂ ᠤᠯᠠᠭᠠᠨ ᠠᠷᠭᠠᠯ ᠢ ᠳᠠᠷᠠᠭ᠎ᠠ ᠵᠢᠯ ᠨᠢ ᠬᠥᠬᠡ ᠠᠷᠭᠠᠯ ᠭᠡᠳᠡᠭ᠃ ᠠᠳᠤᠭᠤ ᠲᠡᠮᠡᠭᠡᠨ ᠤ ᠡᠪᠦᠯ ᠤᠨ ᠪᠠᠭᠠᠰᠤ ᠶᠢ ᠬᠠᠲᠠᠭᠰᠠᠨ ᠤ ᠬᠤᠶᠢᠨ᠎ᠠ ᠪᠠᠰᠠ ᠲᠦᠯᠡᠳᠡᠭ᠃ 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ