ᠠᠩ ᠤᠨ ᠠᠰᠢᠭ ᠰᠢᠮ᠎ᠡ
ᠨᠡᠶᠢᠲᠡᠯᠡᠭᠰᠡᠨ ᠴᠠᠭ᠄
2024/12/23
       ᠴᠢᠨ᠋ᠸ᠎ᠠ᠂ ᠦᠨᠡᠭᠡ᠂ ᠬᠢᠷᠰᠠ᠂ ᠪᠤᠯᠠᠭ᠎ᠠ᠂ ᠬᠡᠷᠡᠮᠦ ᠵᠡᠷᠭᠡ ᠠᠩ  ᠤᠨ ᠠᠷᠠᠰᠤ ᠪᠠᠷ ᠮᠠᠯᠠᠭᠠᠢ᠂ ᠨᠢᠳᠤᠷᠭ᠎ᠠ᠂ ᠳᠡᠪᠡᠯ᠂ ᠳᠠᠬᠤ ᠬᠢᠵᠦ ᠡᠮᠦᠰᠬᠦ ᠪᠤᠶᠤ ᠭᠠᠳᠠᠭᠰᠢ ᠠᠷᠠᠯᠵᠢᠶᠠᠯᠠᠳᠠᠭ᠃ ᠪᠤᠭᠤ ᠬᠠᠨᠳᠠᠭᠠᠢ ᠶᠢᠨ ᠠᠷᠠᠰᠤ ᠪᠠᠷ ᠭᠤᠲᠤᠯ ᠵᠡᠷᠭᠡ ᠡᠳ᠋ᠯᠡᠯ ᠬᠢᠯᠭᠡᠨ᠎ᠡ᠃                 ᠪᠤᠭᠤ᠂ ᠬᠠᠨᠳᠠᠭᠠᠢ᠂ ᠵᠡᠷᠯᠢᠭ ᠭᠠᠭ᠋ᠠᠢ᠂ ᠭᠥᠷᠥᠭᠡᠰᠦ᠂ ᠵᠦᠷ᠂ ᠲᠠᠤᠯᠠᠢ ᠪᠣᠯᠣᠨ ᠵᠢᠭᠦᠷᠲᠡᠨ ᠤ ᠮᠢᠬ᠎ᠠ ᠨᠢ ᠤᠭᠤᠷᠠᠭ ᠡᠨᠧᠷᠭᠢ ᠶᠡᠭᠡ ᠲᠠᠢ᠂ ᠥᠪᠡᠷᠮᠢᠴᠡ ᠰᠣᠳᠣᠨ ᠦᠨᠦᠷ ᠠᠮᠲᠠ ᠲᠠᠢ ᠪᠠᠶᠢᠵᠤ ᠢᠳᠡᠰᠢᠨ ᠳᠤ ᠬᠡᠷᠡᠭᠯᠡᠳᠡᠭ᠃                 ᠣᠯᠠᠩᠬᠢ ᠠᠷᠢᠶᠠᠲᠠᠨ᠂ ᠠᠮᠢᠲᠠᠨ᠂ ᠵᠢᠭᠦᠷᠲᠡᠨ ᠤ ᠵᠦᠢᠯ ᠵᠦᠢᠯ ᠤᠨ ᠡᠷᠬᠡᠲᠡᠨ ᠨᠢ ᠡᠮ ᠤᠨ ᠬᠤᠪᠣᠷ ᠴᠤᠬᠠᠭ ᠮᠠᠲ᠋ᠧᠷᠢᠶᠠᠯ ᠪᠣᠯᠬᠤ ᠲᠤᠯᠠ᠂ ᠪᠣᠯᠪᠠᠰᠤᠷᠠᠭᠤᠯᠤᠨ ᠠᠪᠴᠤ᠂ ᠪᠡᠶ᠎ᠡ ᠶᠢᠨ ᠰᠢᠮ᠎ᠡ ᠲᠡᠵᠢᠭᠡᠯ ᠨᠥᠬᠦᠪᠦᠷᠢᠯᠡᠬᠦ ᠪᠠ ᠡᠮᠴᠢᠯᠡᠭᠡᠨ ᠳᠤ ᠬᠡᠷᠡᠭᠯᠡᠳᠡᠭ᠃ 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ