ᠠᠮᠢᠳᠤᠷᠠᠯ ᠤᠨ ᠮᠥᠴᠡ ᠪᠦᠷᠢ ᠳᠤ ᠣᠯᠠᠨ ᠰᠣᠩᠭᠤᠯᠲᠠ ᠲᠣᠬᠢᠶᠠᠯᠳᠤᠨ᠎ᠠ᠃ ᠠᠵᠢᠯ ᠤᠨ ᠭᠠᠵᠠᠷ ᠲᠠᠭᠠᠨ ᠶᠠᠪᠤᠬᠤ ᠳᠠᠭᠠᠨ ᠠᠯᠢ ᠰᠠᠶᠢᠬᠠᠨ ᠡᠮᠦᠰᠬᠡᠯ ᠵᠠᠰᠠᠯ | ᠢᠶᠠᠷ ᠢᠶᠠᠨ ᠭᠤᠶᠣᠯᠠᠬᠤ ᠭᠡᠳ ᠪᠢᠳᠡ ᠠᠪᠳᠠᠷ᠎ᠠ ᠬᠤᠷᠭᠤ ᠪᠠᠨ ᠣᠩᠭᠢᠴᠠᠨ ᠰᠢᠯ ᠲᠣᠯᠢᠨ ᠤ ᠡᠮᠦᠨ᠎ᠡ ᠰᠢᠯᠭᠠᠵᠤ ᠶᠠᠩᠵᠤᠯᠠᠬᠤ ᠪᠥᠭᠡᠳ ᠡᠷᠬᠡᠯᠡᠵᠦ ᠥᠰᠦᠭᠰᠡᠨ ᠨᠢᠭᠡ | ᠨᠢ ᠪᠠᠰᠠ ᠬᠤᠭᠤᠯᠠ ᠤᠮᠳᠠ ᠪᠠᠨ ᠭᠦᠷᠲᠡᠯ᠎ᠡ ᠰᠣᠩᠭᠤᠵᠤ ᠭᠤᠯᠣᠳᠠᠭ ᠵᠠᠩ ᠲᠠᠢ᠃ ᠡᠭᠦᠪᠡᠷ ᠦᠯᠦ ᠪᠠᠷᠠᠮ ᠠᠮᠠᠷᠠᠭ ᠬᠠᠨᠢ᠂ ᠠᠰᠠᠷ ᠪᠠᠶᠢᠷᠢ᠂ ᠠᠨᠳᠠ ᠨᠥᠬᠦᠷ ᠁ | ᠭᠡᠬᠦᠴᠢᠯᠡᠨ ᠢ ᠪᠢᠳᠡ ᠪᠦᠷ ᠠᠬᠢᠨ ᠲᠠᠭᠢᠨ ᠬᠢᠨᠠᠵᠤ᠂ ᠲᠠᠭᠢᠨ ᠠᠬᠢᠨ ᠰᠡᠳᠬᠢᠵᠦ ᠪᠤᠲᠣᠯ ᠨᠡᠶᠢᠯᠡᠵᠦ ᠰᠠᠨᠠᠭᠠᠨ ᠳᠤ ᠲᠠᠭᠠᠷᠠᠬᠰᠠᠨ ᠢᠶᠠᠨ ᠰᠣᠩᠭᠤᠬᠤ ᠪᠥᠭᠡᠳ ᠣᠯᠳᠣᠢ | ᠮᠢᠨᠤ ᠡᠪᠯᠡᠭᠦᠯᠵᠦ ᠪᠢᠴᠢᠭᠰᠡᠨ ᠡᠨᠡ ᠬᠡᠳᠦᠨ ᠮᠥᠷ ᠢ ᠴᠦ ᠤᠩᠰᠢᠵᠤ ᠰᠣᠨᠢᠷᠬᠠᠬᠤ ᠡᠰᠡᠬᠦ ᠪᠠᠨ ᠣᠩᠰᠢᠬᠴᠢ ᠮᠡᠷᠭᠡᠳ ᠦᠪᠡᠰᠦᠪᠡᠨ ᠰᠣᠩᠭᠤᠵᠤ ᠲᠣᠭᠲᠠᠭᠠᠳᠠᠭ᠃ | ︽ᠰᠠᠶᠢᠨ ᠰᠢᠪᠠᠭᠤ ᠮᠣᠳᠣ ᠶᠢ ᠦᠵᠡᠵᠦ ᠰᠠᠭᠤᠨ᠎ᠠ︾ ᠭᠡᠵᠦ ᠬᠠᠭᠤᠴᠢ ᠦᠭᠡᠨ ᠳᠤ ᠶᠠᠷᠢᠳᠠᠭ᠃ ᠬᠥᠮᠥᠨ ᠢ ᠨᠡᠩ ᠶᠠᠭᠤᠨ ᠬᠡᠯᠡᠬᠦᠪ︖ ᠰᠠᠶᠢᠨ ᠢ ᠬᠦᠰᠡᠵᠦ᠂ | ᠰᠠᠶᠢᠬᠠᠨ ᠳᠤ ᠬᠦᠷᠬᠦ ᠶᠢᠨ ᠲᠥᠯᠥᠭᠡ ᠰᠢᠯᠢᠵᠦ ᠰᠣᠩᠭᠤᠬᠤ ᠪᠣᠯ ᠰᠠᠷᠠᠭᠤᠯ ᠤᠬᠠᠭᠠᠨᠲᠤ ᠬᠥᠮᠥᠰ ᠤᠨ ᠵᠦᠢ᠃ ᠠᠮᠢᠳᠤᠷᠠᠯ ᠴᠣᠬᠤᠮ ᠵᠥᠭᠡᠢ ᠶᠢᠨ ᠪᠠᠯ ᠰᠢᠭ᠋ | ᠠᠮᠲᠠᠲᠠᠢ ᠶᠤᠮ ᠤᠤ ᠠᠯᠢ ᠡᠰᠡᠬᠦᠯ᠎ᠡ ᠰᠥᠰᠥ ᠳᠣᠯᠢᠶᠠᠭᠰᠠᠨ ᠮᠡᠲᠦ ᠭᠠᠰᠢᠭᠤᠨ ᠶᠤᠮ ᠤᠤ ᠭᠡᠰᠡᠨ ᠢ ᠰᠢᠯᠭᠠᠵᠤ ᠲᠤᠷᠰᠢᠬᠤ ᠶᠢᠨ ᠤᠴᠢᠷ ᠴᠢ ᠪᠢᠲᠡ ᠣᠯᠠᠨ ᠲᠠᠭᠢᠨ | ᠰᠣᠩᠭᠤᠯᠲᠠ ᠬᠢᠵᠦ᠂ ᠥᠪᠡᠷ ᠢ ᠪᠠᠨ ᠰᠣᠷᠢᠵᠤ ᠰᠢᠯᠭᠠᠳᠠᠭ᠃ ᠲᠡᠭᠡᠭᠦ ᠳᠡᠭᠡᠨ ᠵᠠᠷᠢᠮ ᠰᠣᠩᠭᠤᠯᠲᠠ ᠶᠢ ᠨᠢ ᠴᠠᠭ ᠵᠠᠭᠤᠷ᠎ᠠ ᠶᠢᠨ ᠬᠤᠭᠤᠷᠣᠨᠳᠤ ᠰᠢᠢᠳᠴᠦ | ᠲᠣᠭᠲᠠᠭᠠᠳᠠᠭ ᠠᠲᠠᠯ᠎ᠠ ᠬᠠᠶᠠ ᠵᠠᠷᠢᠮ ᠢ ᠨᠢ ᠬᠡᠳᠦᠨ ᠦᠶ᠎ᠡ ᠶᠢᠨ ᠬᠥᠮᠥᠰ ᠤᠨ ᠬᠥᠯᠥᠰᠦ ᠭᠦᠲᠡᠯᠮᠦᠷᠢ ᠵᠠᠷᠤᠴᠠᠭᠤᠯᠵᠤ᠂ ᠬᠡᠲᠦᠷᠬᠡᠢ ᠥᠨᠳᠥᠷ ︽ᠦᠨ᠎ᠡ︾ ᠪᠠᠷ | ᠰᠣᠯᠢᠵᠤ ᠠᠪᠴᠢᠷᠠᠳᠠᠭ ᠪᠢᠯᠡ᠃ | ᠠᠳᠠᠯᠢ ᠪᠤᠰᠤ ᠶᠢᠨ ᠰᠣᠩᠭᠤᠯᠲᠠ ᠡᠷᠡᠰ ᠣᠨᠳᠣᠣ ᠬᠤᠶᠠᠷ ᠳ᠋ᠦᠩ ᠳᠤ ᠬᠦᠷᠭᠡᠳᠡᠭ᠃ ︽ᠵᠥᠪ ᠶᠠᠪᠤᠪᠠᠯ ᠵᠥᠭᠡᠯᠡᠨ ᠵᠥᠭᠡᠯᠡᠨ ᠽᠠᠮᠪᠤᠯᠢᠩ︾ ᠭᠡᠰᠡᠨ ᠳᠠᠭᠤᠤ | ᠪᠤᠢ᠃ ᠵᠥᠪ ᠰᠣᠩᠭᠤᠯᠲᠠ ᠵᠦᠢᠲᠡᠢ ᠴᠢᠷᠮᠠᠶᠢᠯᠭ᠎ᠠ ᠶᠢ ᠬᠥᠲᠥᠯᠵᠦ ᠵᠢᠳᠬᠦᠯ ᠪᠦᠲᠦᠭᠡᠯ ᠤᠨ ᠥᠨᠳᠥᠷ ᠣᠷᠭᠢᠯ ᠳᠤ ᠭᠢᠯᠠᠯᠵᠠᠭᠤᠯᠳᠠᠭ ᠵᠢᠮ᠎ᠡ ᠲᠠᠢ᠃ ᠡᠰᠡᠷᠭᠦ ᠪᠠᠷ ᠵᠦᠭ | ᠴᠢᠭᠯᠡᠯ ᠢᠶᠠᠨ ᠪᠤᠷᠤᠭᠤ ᠰᠣᠩᠭᠤᠪᠠᠯ ᠴᠣᠬᠤᠮ ︽ᠪᠤᠷᠤᠭᠤ ᠵᠠᠮ ᠢᠶᠠᠷ ᠪᠤᠳᠠᠭ᠎ᠠ ᠲᠡᠭᠡᠭᠡᠵᠦ ᠪᠤᠴᠠᠬᠤ ᠵᠠᠮ ᠳᠠᠭᠠᠨ ᠰᠢᠷᠣᠢ ᠲᠡᠭᠡᠭᠡᠭᠰᠡᠨ︾ ᠦᠯᠢᠭᠡᠷ ᠪᠤᠯᠬᠤ ᠭᠡᠵᠦ ᠮᠡᠳᠡ᠃ | ᠡᠭᠦᠨ ᠤ ᠵᠢᠱᠢᠶ᠎ᠡ ᠨᠢ ᠪᠢᠳᠡᠨ ᠤ ᠡᠷᠭᠢᠨ ᠲᠣᠭᠤᠷᠢᠨ ᠳᠤ ︽ᠠᠢ ᠳ᠋ᠠ᠂ ᠲᠡᠷᠡ ᠦᠶ᠎ᠡ ᠳᠤ ᠁︾︽ᠬᠡᠷᠪᠡ ᠁︾ ᠭᠡᠵᠦ ᠥᠪᠡᠷ ᠤᠨ ᠢᠶᠠᠨ ᠠᠨᠳᠠᠭᠤ ᠪᠤᠷᠤᠭᠤ | ᠰᠣᠩᠭᠤᠯᠲᠠ ᠶᠢᠨ ᠢᠶᠠᠨ ᠬᠤᠶᠢᠨ᠎ᠠ ᠠᠴᠠ ᠠᠮᠠ ᠪᠠᠨ ᠪᠠᠷᠢᠨ ᠭᠠᠰᠠᠯᠵᠤ ᠬᠠᠷᠠᠮᠰᠠᠵᠤ ᠭᠠᠰᠢᠭᠤᠳᠠᠭᠰᠠᠨ ᠦᠯᠢᠭᠡᠷ ᠤᠴᠠᠷᠠᠯ ᠥᠭᠦᠯᠡᠵᠦ ᠳᠡᠯᠭᠡᠨ᠎ᠡ᠃ ᠶᠠᠭ ᠡᠶᠢᠮᠦ | ᠠᠴᠠ ︽ᠬᠥᠮᠥᠨ ᠤ ᠠᠮᠢᠳᠤᠷᠠᠯ ᠳᠠᠬᠢ ᠬᠠᠮᠤᠭ ᠠᠴᠠ ᠬᠦᠴᠢᠷ ᠲᠦᠪᠡᠭ ᠵᠦᠢᠯ ᠪᠣᠯ ᠰᠣᠩᠭᠤᠯᠲᠠ ᠮᠥᠨ︾ ᠭᠡᠵᠦ ᠲᠣᠮᠠᠰ · ᠮᠣᠸᠢᠷ ᠳ᠋ᠦᠩᠨᠡᠵᠦ ᠥᠭᠦᠯᠡᠭᠰᠡᠨ ᠶᠤᠮ᠃ | ᠰᠣᠷᠣᠬᠴᠢᠳ ᠰᠢᠯᠭᠠᠯᠲᠠ ᠶᠢᠨ ᠬᠠᠭᠤᠳᠠᠰᠤᠨ ᠳᠠᠬᠢ ᠰᠣᠩᠭᠤᠯᠲᠠ ᠪᠠᠨ ᠪᠤᠷᠤᠭᠤ ᠬᠠᠷᠢᠭᠤᠯᠪᠠᠯ ᠪᠠᠯᠠᠯᠵᠤ ᠪᠠᠶᠢᠭᠠᠳ ᠲᠠᠭᠢᠨ ᠰᠣᠩᠭᠤᠵᠤ ᠪᠤᠯᠲᠠᠬ᠃ | ᠭᠡᠪᠡᠴᠦ ᠠᠮᠢᠳᠤᠷᠠᠯ ᠭᠡᠬᠦ ᠬᠠᠲᠠᠭᠤ ᠰᠢᠯᠭᠠᠯᠲᠠ ᠬᠡᠨ ᠬᠥᠮᠥᠨ ᠢ ᠴᠦ ᠡᠷᠬᠡᠯᠡᠭᠦᠯᠵᠦ ᠣᠨᠴᠠᠭᠠᠶᠢᠷᠠᠳᠠᠭ ᠦᠭᠡᠢ᠃ ᠵᠥᠪ ᠶᠠᠪᠤᠬᠤ ᠶᠢᠨ ᠲᠤᠯᠠᠳᠠ ᠵᠥᠪ ᠣᠨᠣᠪᠴᠢᠲᠠᠢ | ᠰᠣᠩᠭᠤᠯᠲᠠ ᠬᠢᠬᠦ ᠬᠡᠷᠡᠭ ᠲᠠᠢ ᠪᠥᠭᠡᠳ ᠵᠥᠪ ᠰᠣᠩᠭᠤᠯᠲᠠ ᠬᠢᠬᠦ ᠳᠤ ᠵᠣᠷᠢᠭ ᠤᠬᠠᠭᠠᠨ ᠱᠠᠭᠠᠷᠳᠠᠨ᠎ᠠ᠃ ᠣᠯᠠᠨ ᠲᠠᠭᠢᠨ ᠤᠳᠠᠭᠠᠨ ᠤ ᠰᠣᠩᠭᠤᠯᠲᠠ ᠠᠴᠠ ᠪᠢᠲᠡ | ᠠᠮᠢᠳᠤᠷᠠᠯ ᠤᠨ ᠭᠠᠰᠢᠭᠤᠨ ᠢ ᠠᠮᠲᠠᠯᠠᠨ ᠬᠠᠰᠢᠷᠵᠢᠬᠤ ᠶᠢᠨ ᠤᠯᠠᠮ ᠠᠴᠠ ᠥᠪᠡᠷ ᠤᠨ ᠢᠶᠠᠨ ᠬᠠᠷᠠᠯᠲᠠ ᠪᠠᠨ ᠲᠣᠭᠲᠠᠭᠠᠵᠤ᠂ ᠤᠷᠤᠭᠰᠢᠯᠠᠬᠤ ᠴᠢᠭᠯᠡᠯ ᠢᠶᠠᠨ ᠣᠯᠳᠠᠭ᠃ | ᠡᠰᠡ ᠲᠡᠭᠡᠪᠡᠯ ᠬᠠᠷ᠎ᠠ ᠬᠦᠴᠦ ᠪᠠᠷ ᠵᠢᠳᠬᠦᠵᠦ᠂ ᠬᠠᠲᠠ ᠮᠥᠷᠭᠦᠨ ᠪᠦᠳᠦᠷᠢᠬᠦ ᠪᠥᠭᠡᠳ ᠬᠠᠶᠠ ᠵᠠᠷᠢᠮ ᠳᠠᠭᠠᠨ ︽ᠡᠯᠵᠢᠭᠡ ᠴᠦ ᠦᠭᠡᠢ ᠭᠤᠷᠪᠠᠨ ᠯᠠᠩ ᠴᠦ ᠦᠭᠡᠢ︾ | ᠢᠨᠢᠶᠡᠳᠦᠮ ᠱᠤᠭ ᠪᠤᠯᠬᠤ ᠤᠴᠢᠷ ᠴᠦ ᠪᠤᠢ᠃ ᠡᠨᠡ ᠬᠦ ᠤᠳᠬ᠎ᠠ ᠠᠴᠠ ᠥᠭᠦᠯᠡᠬᠦ ᠳᠤ ᠵᠥᠪ ᠰᠣᠩᠭᠤᠯᠲᠠ ᠬᠢᠭᠡᠳ ᠵᠦᠢᠲᠡᠢ ᠴᠢᠷᠮᠠᠶᠢᠯᠭ᠎ᠠ ᠪᠣᠯ ᠠᠳᠠᠯᠢ ᠰᠠᠴᠠᠭᠤ | ᠦᠢᠯᠡᠳᠦᠯ ᠲᠠᠢ ᠪᠠᠶᠢᠵᠤ ᠲᠠᠭᠠᠷᠠᠨ᠎ᠠ᠃ | ᠠᠮᠢᠳᠤᠷᠠᠯ ᠪᠣᠯ ᠠᠬᠢᠭᠠᠳ ᠪᠤᠴᠠᠰᠢ ᠦᠭᠡᠢ ᠰᠣᠩᠭᠤᠯᠲᠠ ᠮᠥᠨ᠃ ᠭᠡᠨᠡᠳᠡᠬᠦ ᠦᠭᠡᠢ᠂ ᠪᠦᠳᠦᠷᠢᠬᠦ ᠦᠭᠡᠢ ᠪᠠᠷ ᠭᠡᠭᠡᠨ ᠢᠷᠡᠭᠡᠳᠦᠢ ᠪᠠᠨ ᠤᠭᠲᠤᠬᠤ ᠭᠡᠪᠡᠯ | ᠪᠢᠳᠡ ᠠᠬᠢᠨ ᠲᠠᠭᠢᠨ ᠲᠤᠩᠭᠠᠵᠤ ᠣᠨᠣᠪᠴᠢᠲᠠᠢ ᠰᠣᠩᠭᠤᠯᠲᠠ ᠬᠢᠬᠦ ᠶᠢ ᠵᠥᠪᠯᠡᠶ᠎ᠡ᠃ | | |