ᠰᠢᠨ᠎ᠡ ᠪᠠᠷᠭᠤᠴᠤᠳ ᠪᠦᠰᠡ ᠪᠦᠰᠡᠯᠡᠳᠡᠭ᠃ ᠪᠦᠰᠡᠨ ᠤ ᠡᠳ᠋ ᠨᠢ ᠣᠯᠠᠩᠬᠢ ᠳᠤ ᠪᠠᠨ ᠱᠠᠩᠬᠠᠢ᠂ ᠲᠣᠷᠳᠤᠩ ᠭᠤᠣᠯ ᠲᠠᠢ᠃ ᠪᠥᠰ ᠤᠨ ᠥᠩᠭᠡ ᠨᠢ ᠰᠢᠷ᠎ᠠ᠂ | ᠬᠥᠬᠡ᠂ ᠤᠯᠠᠭᠠᠨ᠂ ᠴᠡᠩᠬᠡᠷ᠂ ᠬᠦᠷᠡᠩ᠂ ᠪᠣᠷᠣ ᠮᠡᠲᠦ ᠶᠢ ᠭᠤᠣᠯᠴᠢᠯᠠᠨᠠ᠃ ᠪᠠᠰᠠ ᠰᠤᠷ ᠪᠦᠰᠡ᠂ ᠭᠦᠷᠦᠮᠡᠯ ᠪᠦᠰᠡ᠂ ᠭᠤᠷᠬᠢ ᠲᠠᠢ ᠪᠦᠰᠡ ᠵᠡᠷᠭᠡ ᠪᠠᠶᠢᠪᠠ᠃ | ᠪᠦᠰᠡ ᠪᠠᠨ ᠨᠠᠷᠠ ᠵᠥᠪ ᠪᠡᠶ᠎ᠡ ᠪᠠᠨ ᠣᠷᠢᠶᠠᠵᠤ ᠪᠦᠰᠡᠯᠡᠨ᠎ᠡ᠃ | ᠪᠦᠰᠡ ᠲᠠᠢ ᠦᠶ᠎ᠡ ᠳᠤ ᠡᠪᠦᠷ ᠲᠤ ᠪᠠᠨ ᠨᠡᠯᠢᠶᠡᠳ ᠶᠠᠭᠤᠮ᠎ᠠ ᠶᠢ ᠡᠪᠦᠷᠲᠦᠯᠡᠵᠦ ᠪᠣᠯᠣᠨ᠎ᠠ᠃ ᠡᠰᠡᠬᠦᠯ᠎ᠡ ᠪᠦᠰᠡ ᠪᠠᠨ ᠦᠷᠭᠡᠯᠡᠵᠦ᠂ ᠳᠣᠲᠣᠷ᠎ᠠ ᠨᠢ ᠵᠣᠬᠢᠬᠤ | ᠶᠠᠭᠤᠮ᠎ᠠ ᠬᠢᠵᠦ ᠪᠦᠰᠡᠯᠡᠳᠡᠭ᠃ ᠪᠠᠰᠠ ᠪᠦᠰᠡᠨ ᠳᠤ ᠪᠠᠨ ᠮᠥᠩᠭᠦᠨ ᠬᠢᠲᠤᠭ᠎ᠠ᠂ ᠬᠡᠲᠡ᠂ ᠬᠥᠬᠦᠦᠷ ᠤᠨ ᠤᠭᠤᠲᠠ᠂ ᠵᠢᠯᠪᠢᠩ ᠤᠨ ᠪᠣᠭᠤᠯᠲᠠ᠂ ᠲᠠᠮᠠᠬᠢᠨ ᠤ ᠭᠠᠩᠰᠠ᠂ | ᠠᠯᠴᠢᠭᠤᠷ᠂ ᠮᠣᠷᠢᠨ ᠤ ᠬᠤᠰᠤᠭᠤᠷ ᠵᠡᠷᠭᠡ ᠪᠠᠨ ᠬᠠᠪᠴᠢᠭᠤᠯᠬᠤ ᠪᠤᠶᠤ ᠰᠤᠭᠤᠪᠳᠠᠭᠠᠳ ᠶᠠᠪᠤᠵᠤ ᠪᠣᠯᠣᠨ᠎ᠠ᠃ | ᠡᠷᠡᠭᠲᠡᠶᠢᠴᠦᠳ ᠪᠦᠰᠡ ᠲᠠᠢ ᠪᠠᠨ ᠶᠠᠪᠤᠨ᠎ᠠ᠃ ᠶᠡᠷᠦ ᠶᠢᠨ ᠪᠠᠶᠢᠳᠠᠯ ᠳᠤ ᠨᠥᠮᠥᠭᠡᠨ ᠪᠠᠶᠢᠬᠤ ᠶᠢ ᠴᠡᠭᠡᠷᠯᠡᠨ᠎ᠡ᠃ ᠠᠪᠠᠭᠠᠢ ᠬᠥᠮᠥᠨ ᠪᠣᠯ ᠭᠡᠷ ᠳᠣᠲᠣᠷ᠎ᠠ ᠪᠠᠨ | ᠪᠦᠰᠡ ᠪᠦᠰᠡᠯᠡᠳᠡᠭ ᠦᠭᠡᠢ᠃ ᠡᠭᠦᠨ ᠠᠴᠠ ᠪᠣᠯᠵᠤ ᠡᠷᠡᠭᠲᠡᠢ ᠬᠥᠮᠥᠨ ᠢ ᠪᠦᠰᠡᠲᠡᠢ᠂ ᠠᠪᠠᠭᠠᠢ ᠶᠢ ᠨᠢ ᠪᠦᠰᠡᠭᠦᠢ ᠬᠥᠮᠥᠨ ᠭᠡᠵᠦ ᠢᠯᠭᠠᠨ ᠨᠡᠷᠡᠯᠡᠳᠡᠭ ᠲᠤᠯᠠ ᠪᠦᠰᠡ | ᠨᠢ ᠬᠦᠢᠰᠦ ᠢᠯᠭᠠᠬᠤ ᠦᠢᠯᠡᠳᠦᠯ ᠲᠠᠢ ᠪᠠᠶᠢᠨ᠎ᠠ᠃ ᠪᠦᠰᠡ ᠪᠠᠨ ᠬᠠᠮᠢᠶ᠎ᠠ ᠦᠭᠡᠢ ᠭᠠᠵᠠᠷ ᠬᠠᠶᠠᠳᠠᠭ ᠦᠭᠡᠢ᠂ ᠳᠡᠭᠡᠭᠦᠷ ᠨᠢ ᠠᠯᠬᠤᠨ ᠭᠠᠷᠴᠤ ᠪᠣᠯᠳᠠᠭ ᠦᠭᠡᠢ᠃ |