ᠰᠥᠭᠦᠬᠡᠢ ᠭᠤᠲᠤᠯ ᠤᠨ ᠪᠦᠲᠦᠴᠡ ᠨᠢ ᠲᠦᠷᠡᠢ᠂ ᠤᠯᠠ᠂ ᠦᠰᠦᠭᠡᠢ ᠪᠠᠷ ᠪᠦᠷᠢᠯᠳᠦᠨ᠎ᠡ᠃ ᠭᠤᠲᠤᠯ ᠬᠢᠬᠦ ᠳᠤ ᠡᠯᠳᠡᠭᠰᠡᠨ ᠬᠥᠮ᠂ ᠬᠤᠨᠢ᠂ ᠢᠮᠠᠭᠠᠨ ᠤ ᠠᠷᠠᠰᠤ᠂ | ᠬᠢᠯᠢᠩ ᠪᠤᠶᠤ ᠰᠣᠭᠰᠤᠭᠠᠯ᠂ ᠰᠠᠷᠢᠰᠤ ᠶᠢᠨ ᠠᠯᠢ ᠨᠢᠭᠡ ᠶᠢ ᠰᠣᠩᠭᠤᠵᠤ᠂ ᠲᠠᠮᠤᠭᠰᠠᠨ ᠰᠢᠷᠪᠦᠰᠦ ᠵᠡᠷᠭᠡ ᠶᠢ ᠪᠡᠯᠡᠳᠬᠡᠨ᠎ᠡ᠃ | ᠲᠦᠷᠡᠢ ᠳᠤ ᠪᠥᠰ ᠲᠦᠷᠡᠢ᠂ ᠠᠷᠠᠰᠤᠨ ᠲᠦᠷᠡᠢ ᠭᠡᠵᠦ ᠬᠤᠶᠠᠷ ᠵᠦᠢᠯ ᠪᠤᠢ᠃ ᠠᠷᠠᠰᠤᠨ ᠲᠦᠷᠡᠢ ᠶᠢ ᠬᠢᠬᠦ ᠳᠤ ᠬᠤᠨᠢ᠂ ᠢᠮᠠᠭ᠎ᠠ᠂ ᠲᠤᠭᠤᠯ ᠤᠨ ᠡᠯᠳᠡᠭᠰᠡᠨ᠂ | ᠦᠰᠦᠯᠡᠭᠰᠡᠨ ᠠᠷᠠᠰᠤ ᠶᠢ ᠬᠡᠷᠡᠭᠯᠡᠨ᠎ᠡ᠃ ᠪᠥᠰ ᠲᠦᠷᠡᠢ ᠶᠢ ᠬᠢᠬᠦ ᠳᠤ ᠭᠠᠳᠠᠷᠯᠠᠬᠤ᠂ ᠳᠣᠲᠣᠷᠯᠠᠬᠤ ᠡᠳ᠋ ᠢ ᠰᠢᠨ᠎ᠡ ᠴᠠᠭᠠᠨ ᠪᠥᠰ᠂ ᠳᠤᠮᠳᠠ ᠨᠢ ᠬᠠᠪᠴᠢᠭᠤᠯᠬᠤ ᠳᠤ | ᠬᠠᠭᠤᠴᠢᠨ ᠪᠥᠰ ᠬᠡᠷᠡᠭᠯᠡᠨ᠎ᠡ᠃ ᠪᠥᠰ ᠢᠶᠠᠨ ᠰᠣᠩᠭᠤᠵᠤ ᠪᠠᠷᠠᠪᠠᠯ ᠲᠡᠭᠦᠨ ᠢ ᠪᠠᠨ ᠭᠤᠷᠪᠠ ᠳᠦᠷᠪᠡᠨ ᠳᠠᠪᠬᠤᠷ ᠴᠠᠷᠠᠭᠳᠠᠨ ᠬᠠᠲᠠᠭᠤᠷᠠᠭᠤᠯᠤᠭᠠᠳ ᠡᠰᠬᠡᠬᠦ ᠳᠤ ᠪᠡᠯᠡᠨ | ᠪᠣᠯᠭᠠᠨ᠎ᠠ᠃ ᠲᠦᠷᠡᠢ ᠳᠦᠷᠪᠡᠨ ᠬᠡᠰᠡᠭ ᠪᠠᠶᠢᠵᠤ᠂ ᠡᠰᠬᠡᠵᠦ ᠪᠠᠷᠠᠪᠠᠯ ᠰᠢᠷᠢᠨ᠎ᠡ᠃ ᠰᠢᠷᠢᠵᠦ ᠪᠠᠷᠠᠪᠠᠯ ᠬᠠᠷᠢᠯᠴᠠᠨ ᠲᠡᠩᠴᠡᠭᠦᠯᠵᠦ᠂ ᠥᠬᠡᠯᠡᠨ ᠵᠠᠰᠠᠨ᠎ᠠ᠃ ᠢᠩᠭᠢᠭᠡᠳ | ᠬᠦᠪᠡᠭᠡᠯᠡᠵᠦ ᠪᠠᠷᠢᠨ᠎ᠠ᠃ ᠲᠦᠷᠡᠢ ᠳᠤ ᠪᠠᠨ ᠤᠭᠠᠯᠵᠠ ᠬᠠᠳᠬᠤᠨ᠎ᠠ᠃ ᠲᠦᠷᠡᠢ ᠪᠠᠨ ᠨᠡᠶᠢᠯᠡᠭᠦᠯᠵᠦ ᠣᠶᠣᠨ᠎ᠠ᠃ ᠲᠦᠷᠡᠢ ᠶᠢᠨ ᠬᠤᠩᠰᠢᠶᠠᠷ ᠲᠤ ᠥᠯᠮᠡᠢ ᠪᠠᠨ ᠪᠠᠷᠢᠵᠤ | ᠬᠠᠳᠠᠨ᠎ᠠ᠃ ᠤᠯᠠ ᠶᠢ ᠬᠥᠮ ᠢᠶᠠᠷ ᠬᠢᠨ᠎ᠡ᠃ ᠲᠡᠭᠦᠨ ᠢ ᠡᠰᠬᠡᠵᠦ ᠠᠪᠬᠤ ᠳᠤ ᠪᠠᠨ ᠤᠷᠲᠤ᠂ ᠥᠷᠭᠡᠨ ᠰᠢᠭ ᠬᠠᠶᠢᠴᠢᠯᠠᠵᠤ ᠠᠪᠤᠨ᠎ᠠ᠃ ᠰᠥᠭᠦᠬᠡᠢ ᠭᠤᠲᠤᠯ ᠳᠤ ᠵᠤᠯᠤᠭ | ᠪᠠᠶᠢᠳᠠᠭ ᠦᠭᠡᠢ ᠲᠤᠯᠠ ᠥᠷᠭᠡᠨ ᠡᠰᠬᠡᠵᠦ ᠪᠠᠶᠢᠳᠠᠭ᠃ ᠤᠯᠠ ᠶᠢᠨ ᠬᠤᠩᠰᠢᠶᠠᠷ ᠲᠤ ᠵᠢᠵᠢᠭᠬᠡᠨ ᠭᠤᠷᠪᠠᠯᠵᠢᠨ ᠭᠠᠷᠭᠠᠳᠠᠭ᠂ ᠡᠭᠦᠨ ᠢ ᠲᠠᠨ᠎ᠠ ᠭᠡᠳᠡᠭ᠃ ᠤᠯᠠ ᠲᠦᠷᠡᠢ | ᠬᠤᠶᠠᠷ ᠢ ᠵᠠᠯᠭᠠᠬᠤ ᠳᠤ ᠠᠳᠡ ᠨᠡᠶᠢᠯᠡᠬᠦ ᠶᠣᠰᠣᠲᠠᠢ᠃ | ᠦᠰᠦᠭᠡᠢ᠄ ᠤᠯᠠ ᠶᠢᠨ ᠬᠤᠶᠢᠲᠤ ᠲᠠᠯ᠎ᠠ ᠳᠤ ᠦᠰᠦᠭᠡᠢ ᠭᠠᠷᠭᠠᠨ᠎ᠠ᠃ ᠦᠰᠦᠭᠡᠢ ᠶᠢ ᠳᠠᠩ ᠪᠤᠶᠤ ᠳᠠᠪᠬᠤᠷ ᠬᠤᠶᠠᠷ ᠶᠠᠩᠵᠤ ᠪᠠᠷ ᠭᠠᠷᠭᠠᠳᠠᠭ᠃ ᠪᠥᠰ | ᠲᠦᠷᠡᠢ ᠲᠠᠢ ᠰᠥᠭᠦᠬᠡᠢ ᠶᠢ ᠳᠤᠯᠠᠭᠠᠨ ᠤᠯᠠᠷᠢᠯ ᠳᠤ᠂ ᠠᠷᠠᠰᠤᠨ ᠲᠦᠷᠡᠢ ᠲᠠᠢ ᠰᠥᠭᠦᠬᠡᠢ ᠶᠢ ᠬᠦᠢᠲᠡᠨ ᠡᠷᠢᠨ ᠳᠤ ᠡᠮᠦᠰᠳᠡᠭ᠃ |