ᠤᠯᠠ ᠲᠠᠢ ᠭᠤᠲᠤᠯ
ᠨᠡᠶᠢᠲᠡᠯᠡᠭᠰᠡᠨ ᠴᠠᠭ᠄
2024/12/19
       ᠪᠠᠷᠭᠤᠴᠤᠳ ᠤᠯᠠ ᠲᠠᠢ ᠭᠤᠲᠤᠯ ᠢᠶᠠᠨ ᠥᠪᠡᠷ ᠢᠶᠠᠨ ᠣᠶᠣᠳᠠᠭ᠃ ᠬᠡᠷᠡᠭᠯᠡᠬᠦ ᠡᠳ᠋ ᠨᠢ ᠪᠣᠶᠢᠳᠤᠭ ᠲᠠᠢ ᠠᠳᠠᠯᠢ᠃ ᠬᠠᠷᠢᠨ ᠬᠠᠪᠴᠢᠶᠠᠷᠢ ᠶᠢᠨ ᠰᠠᠷᠢᠰᠤ  ᠨᠢ ᠬᠤᠶᠠᠷ ᠭᠤᠷᠪᠠ ᠪᠠᠶᠢᠵᠤ ᠪᠣᠯᠳᠠᠭ᠃ ᠠᠳᠠᠯᠢ ᠪᠤᠰᠤ ᠵᠦᠢᠯ ᠭᠡᠪᠡᠯ ᠤᠯᠠ ᠶᠢ ᠰᠢᠷᠢᠨ᠎ᠡ᠃ ᠡᠰᠬᠡᠵᠦ ᠠᠪᠤᠭᠰᠠᠨ ᠬᠥᠮ ᠤᠯᠠ ᠳᠤ ᠪᠠᠨ ᠬᠤᠶᠠᠷ ᠳᠠᠪᠬᠤᠷ ᠢᠰᠡᠭᠡᠢ ᠤᠯᠠ ᠲᠠᠭᠠᠷᠠᠭᠤᠯᠵᠤ ᠬᠥᠮ ᠤᠯᠠ ᠲᠠᠢ ᠪᠠᠨ ᠨᠡᠶᠢᠯᠡᠭᠦᠯᠵᠦ ᠦᠳᠡᠨ᠎ᠡ᠃ ᠡᠭᠦᠨ ᠢ ᠤᠯᠠ ᠦᠳᠡᠨ᠎ᠡ ᠭᠡᠨ᠎ᠡ᠃ ᠳᠡᠭᠡᠷ᠎ᠡ ᠲᠠᠯ᠎ᠠ ᠶᠢᠨ ᠤᠯᠠ ᠶᠢ ᠬᠡᠦᠬᠡᠨ ᠤᠯᠠ ᠭᠡᠳᠡᠭ᠃ ᠳᠠᠪᠬᠤᠷᠯᠠᠵᠤ ᠰᠢᠷᠢᠭᠰᠡᠨ ᠢᠰᠡᠭᠡᠢ ᠤᠯᠠ ᠪᠠᠨ ᠬᠥᠳᠥᠰᠥ ᠪᠠᠷ ᠡᠮᠵᠢᠶᠡᠷᠢᠯᠡᠵᠦ ᠭᠠᠷᠭᠠᠨ᠎ᠠ᠃ ᠤᠯᠠ ᠶᠢ ᠵᠤᠯᠤᠭ ᠲᠠᠢ ᠪᠠᠷᠢᠵᠤ ᠣᠶᠣᠬᠤ ᠳᠤ ᠪᠠᠨ ᠳᠣᠲᠣᠷ᠎ᠠ ᠲᠠᠯ᠎ᠠ ᠠᠴᠠ ᠨᠢ ᠣᠶᠣᠨ᠎ᠠ᠃ 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ