● ᠲᠦᠮᠡᠳ ᠶᠦᠩᠷᠣᠩᠪᠠᠯ | ᠲᠡᠷᠡ ᠨᠢᠬᠡᠨ ᠨᠠᠮᠣᠷ ᠤᠨ ᠨᠠᠮᠣᠭᠤᠬᠠᠨ ᠦᠳᠡᠰᠢ ᠪᠢ ᠴᠢᠮ᠎ᠠ ᠪᠠᠨ ᠠᠩᠬ᠎ᠠ ᠬᠠᠷᠠᠯ᠎ᠠ᠃ ᠰᠡᠷᠢᠬᠦᠨ ᠰᠠᠯᠬᠢᠨ ᠤ ᠳᠣᠮᠳᠠ ᠰᠢᠷᠭᠠᠯ ᠨᠠᠪᠴᠢᠰ | ᠣᠶᠢᠳᠬᠠᠷᠳᠠᠶᠢᠬᠠᠨ ᠪᠠᠭᠤᠵᠤ᠂ ᠠᠯᠢᠪᠠ ᠪᠦᠬᠦᠨ ᠨᠠᠮ ᠵᠢᠮ ᠤᠨ ᠳᠣᠮᠳᠠ ᠳᠣᠭᠳᠠᠨᠢᠨᠠ᠃ ᠭᠠᠯ ᠵᠠᠯᠠᠭᠤ ᠨᠠᠰᠣᠨ ᠳᠠᠭᠠᠨ ᠪᠠᠶᠢᠭ᠎ᠠ ᠮᠢᠨᠣ ᠪᠠᠶ᠎ᠠ ᠶᠠᠭᠤᠮ᠎ᠠ ᠪᠦᠬᠦᠨ ᠢ | ᠳᠣᠭᠤᠮᠰᠠᠷᠯᠠᠭᠰᠠᠨ ᠨᠢᠳᠣ ᠪᠠᠷ ᠬᠠᠷᠠᠵᠦ᠂ ᠳᠣᠮᠳᠠᠬᠠᠨ ᠰᠡᠳᠭᠢᠯ ᠢᠶᠠᠨ ᠰᠠᠭᠠᠳᠠᠭᠤᠯᠵᠦ᠂ ᠳᠣᠳᠣᠭᠠᠳᠣ ᠮᠠᠳᠠᠷᠠᠯ ᠢᠶᠠᠨ ᠦᠬᠡᠶᠢᠯᠡᠨᠡ᠃ | ᠳᠡᠭᠡᠳᠡᠯ᠎ᠡ ᠴᠢ ᠦᠵᠡᠭᠳᠡᠯ᠎ᠡ᠃ ᠱᠣᠳᠣᠩ ᠰᠢᠷ᠎ᠠ ᠬᠡᠵᠢᠭᠡ ᠪᠠᠨ ᠭᠤᠷᠪᠠᠯᠠᠨ ᠬᠦᠷᠦᠵᠦ᠂ ᠮᠦᠷᠦ ᠣᠷᠣᠭᠤ ᠪᠠᠨ ᠰᠡᠮᠬᠡᠨ ᠪᠠᠭᠤᠯᠭᠠᠭᠰᠠᠨ᠂ ᠪᠣᠭᠤᠨᠢᠬᠠᠨ | ᠵᠠᠭᠠᠮ᠎ᠠ ᠲᠠᠢ ᠪᠠᠶ᠎ᠠ ᠪᠠᠷᠢᠭᠰᠠᠨ ᠬᠤᠪᠴᠠᠰᠣ ᠴᠢᠨᠢ ᠬᠤᠨ ᠤ ᠨᠣᠤᠯᠤᠭᠤᠷ ᠰᠢᠬ ᠨᠠᠷᠢᠬᠠᠨ ᠴᠠᠭᠠᠨ ᠬᠦᠵᠦᠬᠦᠤ ᠶᠢ ᠴᠢᠨᠢ ᠭᠤᠨᠠᠶᠢᠮᠠ ᠰᠣᠭᠤᠨ ᠬᠠᠷᠠᠭᠳᠠᠭᠤᠯᠵᠦ᠂ | ᠨᠢᠴᠦᠬᠦᠨ ᠬᠤᠶᠠᠷ ᠮᠦᠷᠦ ᠴᠢᠨᠢ ᠭᠠᠨᠠᠰᠭᠢᠨ ᠨᠣᠬᠢᠯᠵᠠᠵᠦ᠂ ᠵᠠᠭᠠᠨ ᠤ ᠰᠣᠶᠤᠭ᠎ᠠ ᠮᠡᠳᠣ ᠰᠢᠷᠭᠠᠯ ᠦᠩᠬᠡᠳᠡᠢ ᠳᠡᠭᠰᠢᠬᠡᠨ ᠣᠷᠳᠣ ᠬᠦᠯ ᠴᠢᠨᠢ ᠦᠰᠦᠬᠡᠢ ᠪᠠᠷ ᠢᠶᠠᠨ | ᠳᠣᠬᠢᠯᠵᠠᠵᠦ᠂ ᠴᠣᠭᠯᠢᠭ ᠣᠶᠠᠩᠭᠠᠯᠢᠭ ᠠᠶᠠᠰ ᠢ ᠲᠠᠭᠠᠨ ᠪᠦᠵᠢᠭᠯᠡᠬᠦ ᠳᠤ ᠰᠠᠨᠵᠢᠭᠢᠨ᠋ᠬᠠᠰᠠᠨ ᠬᠠᠷ᠎ᠠ ᠪᠠᠩᠵᠠᠯ ᠴᠢᠨᠢ ᠰᠡᠷᠡᠯ ᠢ ᠬᠦᠳᠡᠯᠬᠡᠬᠦ ᠶᠢ ᠶᠠᠭᠠᠬᠢᠨᠠᠮ᠃ | ᠣᠷᠠᠨ ᠬᠤᠶᠠᠷ ᠭᠠᠷ ᠢᠶᠠᠨ ᠣᠰᠣᠨ ᠮᠡᠳᠣ ᠨᠠᠬᠢᠯᠵᠠᠭᠤᠯᠵᠦ᠂ ᠪᠦᠵᠢᠭ ᠤᠨ ᠬᠠᠨᠢ ᠲᠠᠢ ᠪᠠᠨ ᠨᠠᠭᠠᠰᠢ ᠴᠠᠭᠠᠰᠢ ᠰᠦᠯᠵᠢᠨ ᠲᠣᠭᠯᠠᠬᠤ ᠳᠤ ᠦᠪᠡᠷ ᠤᠨ | ᠮᠡᠳᠡᠯ ᠦᠬᠡᠢ ᠴᠢᠮ᠎ᠠ ᠶᠢ ᠬᠠᠷᠠᠮᠨᠠᠬᠤ ᠰᠡᠳᠭᠢᠯ ᠲᠦᠷᠦᠭᠳᠡᠨ ︽ᠪᠣᠯᠢᠭᠠᠴᠢ︾ ᠬᠡᠮᠡᠨ ᠬᠠᠰᠭᠢᠷᠣᠮᠠᠷ ᠪᠣᠯᠣᠭᠰᠠᠨ ᠴᠦ ᠶᠠᠮᠠᠷ ᠴᠦ ᠠᠷᠭ᠎ᠠ ᠦᠬᠡᠢ ᠨᠢ ᠵᠣᠪᠠᠨᠢᠯᠳᠠᠢ᠃ | ᠶᠠᠩᠵᠢᠨᡀᠠᠮᠤ ᠪᠣᠷᠬᠠᠨ ᠤ ᠰᠠᠪᠬᠠᠨ ᠨᠠᠷᠢᠨ ᠬᠤᠷᠣᠭᠤ ᠪᠠᠷ ᠶᠠᠩᠵᠣᠯᠠᠵᠦ ᠪᠠᠷᠢᠮᠯᠠᠭᠰᠠᠨ ᠨᠣᠭᠤᠭᠠᠨ ᠳ᠋ᠠᠷᠢ ᠶᠢᠨ ᠪᠦᠷᠢᠯᠸ᠎ᠠ ᠬᠡᠭᠴᠢ ᠴᠢ ᠪᠣᠯᠪᠠ ᠤᠤ︕ | ᠶᠠᠭᠠᠬᠢᠭᠰᠠᠨ ᠰᠠᠶᠢᠬᠠᠨ ᠠᠮᠢᠳᠠᠨ ᠪᠣᠢ | ᠶᠠᠭᠠᠬᠢᠭᠠᠳ ᠵᠠᠪᠠᠯ ᠴᠢ ᠶᠣᠮ ᠪᠣᠢ | ᠲᠡᠶᠢᠮᠣ ᠡ︕ ᠲᠢᠺ ᠳᠣᠺ ᠬᠡᠬᠦ ᠡᠷᠢᠶᠠᠨ ᠪᠠᠷᠠᠭᠠᠨ ᠵᠢᠷᠳᠢᠨᠴᠦ ᠠᠴᠠ ᠴᠢᠮ᠎ᠠ ᠶᠢ ᠯᠠ ᠬᠠᠷᠠᠭᠰᠠᠨ ᠠᠴᠠ ᠬᠤᠶᠢᠰᠢ᠂ ᠲᠡᠷᠡ ᠬᠦ ᠰᠠᠪᠠ ᠲᠢᠪ ᠲᠤ | ᠬᠦᠮᠦᠨ ᠤ ᠭᠠᠷ ᠬᠦᠷᠦᠰᠢ ᠦᠬᠡᠢ ᠠᠷᠢᠭᠤᠨ ᠶᠠᠭᠤᠮ᠎ᠠ ᠪᠠᠶᠢᠬᠤ ᠶᠢ ᠬᠠᠴᠢᠷᠬᠠᠨ ᠮᠡᠳᠡᠷᠡᠯ᠎ᠡ᠃ ᠣᠷᠠᠨ ᠦᠬᠢᠨ ᠴᠢᠮ᠎ᠠ ᠳᠠᠭᠠᠨ ᠪᠢ ︽ᠬᠠᠷ᠎ᠠ ᠬᠤᠨ︾ ᠬᠡᠰᠡᠨ ᠨᠠᠷᠠ | ᠬᠠᠶᠢᠷᠠᠯᠠᠯ᠎ᠠ᠃ ᠣᠭᠵᠣᠮ ᠴᠣᠭᠯᠢᠭ ᠪᠦᠵᠢᠭ ᠤᠨ ᠠᠶᠠᠰ ᠳᠠᠬᠢᠨ ᠳᠠᠪᠳᠠᠨ ᠴᠢᠬᠢᠨ ᠳᠤ ᠮᠢᠨᠢ ᠰᠣᠨᠣᠰᠳᠠᠵᠦ᠂ ᠦᠰᠦᠬᠡᠢ ᠪᠠᠷ ᠢᠶᠠᠨ ᠳᠣᠬᠢᠯᠵᠠᠭᠰᠠᠨ ᠴᠢ ᠮᠢᠨᠢ | ᠳᠡᠭᠳᠡᠨ ᠳᠡᠭᠳᠡᠭᠰᠡᠬᠡᠷ ᠨᠢᠰᠦᠬᠡᠳ ᠣᠳᠴᠢᠬᠠᠯᠠ ᠁ | ᠰᠠᠨᠵᠢᠭᠢᠨᠠᠭᠰᠠᠨ ᠬᠠᠷ᠎ᠠ ᠪᠠᠩᠵᠠᠯ ᠴᠢᠨᠢ ᠬᠠᠷ᠎ᠠ ᠨᠣᠤᠯᠤᠭᠤᠷ ᠪᠣᠯᠵᠦ᠂ ᠰᠠᠶᠢᠬᠠᠨ ᠬᠤᠶᠠᠷ ᠭᠠᠷ ᠴᠢᠨᠢ ᠳᠠᠯᠠᠪᠴᠢ ᠪᠣᠯᠣᠨ ᠬᠤᠪᠢᠯᠣᠭᠠᠳ ᠭᠠᠷ ᠬᠦᠷᠦᠮ᠎ᠡ | ᠦᠬᠡᠢ ᠣᠭᠳᠠᠷᠭᠤᠢ ᠶᠢᠨ ᠬᠦᠨ ᠢ ᠵᠣᠷᠢᠭᠠᠳ ᠰᠣᠮᠣᠳᠠᠯᠠ᠃ ᠴᠢᠨᠦ ᠬᠦᠷᠦᠭᠰᠡᠨ ᠭᠠᠵᠠᠷ ᠲᠤ ᠵᠦᠰᠡᠷ ᠪᠣᠷᠣᠭᠠᠨ ᠰᠢᠪᠡᠷᠡᠵᠦ᠂ ᠴᠢᠨᠣ ᠪᠠᠭᠤᠭᠰᠠᠨ ᠬᠦᠷᠦᠰᠦᠨ ᠳᠤ | ᠵᠦᠯᠬᠡ ᠨᠣᠭᠤᠭ᠎ᠠ ᠬᠦᠬᠡᠷᠡᠨ᠎ᠡ᠃ ᠳᠡᠭᠡᠳᠡᠯ᠎ᠡ ᠴᠢ ᠨᠢᠳᠣ ᠬᠠᠯᠢᠷᠠᠮ᠎ᠠ ᠪᠠᠶᠢᠭᠠᠯᠢ ᠨᠠᠭᠤᠷ ᠤᠨ ᠴᠡᠩᠬᠡᠷ ᠣᠰᠣᠨ ᠳᠤ ᠳᠠᠪᠠ ᠪᠠᠷ ᠢᠶᠠᠨ ᠱᠣᠮᠪᠠᠵᠦ᠂ ᠳᠣᠰᠣ ᠭᠤᠭᠤᠵᠢᠮᠠᠷ | ᠳᠠᠰ ᠬᠠᠷ᠎ᠠ ᠨᠣᠤᠯᠤᠭᠤᠷ ᠴᠢᠨᠢ ᠣᠰᠣᠨ ᠤ ᠣᠶᠢᠯᠳᠡ ᠳᠤ ᠨᠠᠩ ᠴᠦ ᠬᠢᠯᠳᠠᠭᠠᠨᠠᠵᠦ᠂ ᠬᠠᠶᠠ ᠬᠠᠶᠠ ᠬᠤᠰᠢᠭᠤ ᠪᠠᠷ ᠢᠶᠠᠨ ᠦᠳᠦ ᠪᠠᠨ ᠰᠢᠯᠡᠮᠡᠳᠡᠬᠦ ᠨᠢ ᠴᠡᠪᠡᠷ | ᠴᠡᠮᠴᠡᠬᠡᠷ ᠲᠤ ᠳᠣᠷᠠᠳᠠᠢ ᠪᠠᠶᠢᠳᠠᠭ ᠢ ᠬᠠᠷᠠᠭᠤᠯᠣᠨ᠎ᠠ᠃ ᠬᠠᠷᠠᠵᠦ ᠪᠠᠶᠢᠳᠠᠯ᠎ᠠ ᠳᠡᠷᠳᠡᠭᠡ ᠵᠦᠭ ᠠᠴᠠ ᠬᠡᠳᠣᠨ ᠬᠤᠨ ᠨᠠᠭᠠᠰᠢᠯᠠᠨ ᠢᠷᠡᠵᠦ ᠴᠢᠨᠣ ᠦᠵᠡᠰᠭᠦᠯᠡᠩ | ᠭᠤᠶᠣ ᠶᠢ ᠱᠠᠭᠰᠢᠨ ᠭᠠᠶᠢᠬᠠᠵᠦ ᠴᠢᠮ᠎ᠠ ᠶᠢ ᠳᠣᠭᠤᠷᠢᠨ ᠭᠠᠩᠭᠠᠨᠠᠯᠳᠣᠨᠠ᠃ ᠳᠡᠬᠡᠬᠦ ᠳᠤ ᠴᠢ ᠣᠷᠳᠣ ᠬᠦᠵᠦᠬᠦᠤ ᠪᠠᠨ ᠣᠯᠠᠮ ᠴᠦ ᠰᠣᠩᠭᠠᠨ ᠳᠡᠭᠡᠬᠦᠷ ᠬᠠᠷᠠᠨ | ᠠᠯᠭᠤᠷᠬᠠᠨ ᠰᠡᠯᠢᠵᠦ ᠪᠠᠶᠢᠭᠰᠠᠨ ᠢᠶᠠᠨ ᠠᠭᠠᠵᠢᠮ ᠢᠶᠠᠷ ᠬᠤᠶᠠᠷ ᠳᠠᠯᠠᠪᠴᠢ ᠪᠠᠨ ᠡᠬᠡᠯᠵᠢᠯᠡᠨ ᠳᠡᠷᠪᠡᠵᠦ ᠣᠷᠣᠨ ᠳᠠᠭᠠᠨ ᠳᠣᠭᠤᠷᠢᠨ ᠪᠦᠵᠢᠭᠯᠡᠵᠦ ᠡᠬᠢᠯᠡᠯ᠎ᠡ᠃ ᠳᠡᠳᠡᠬᠡᠷ | ᠭᠠᠯᠠᠭᠤᠳ ᠴᠦ ᠴᠢᠮ᠎ᠠ ᠶᠢ ᠳᠣᠭᠤᠷᠢᠨ ᠪᠦᠵᠢᠭᠯᠡᠨ᠎ᠡ᠃ ᠠᠯᠢᠶ᠎ᠠ ᠳᠡᠭᠵᠢᠨ ᠵᠠᠩ ᠴᠢᠨᠢ ᠬᠦᠳᠡᠯᠪᠡ ᠪᠣᠯᠣᠯᠳᠠᠢ︕ ᠴᠢ ᠬᠠᠶᠠ ᠣᠰᠣᠨ ᠳᠤ ᠬᠤᠰᠢᠭᠤ ᠪᠠᠷ ᠢᠶᠠᠨ | ᠱᠣᠩᠭᠤᠨ ᠵᠢᠪᠦᠵᠦ᠂ ᠬᠠᠶᠠ ᠪᠣᠯᠳᠠᠰᠭᠢᠨ ᠦᠵᠡᠭᠳᠡᠵᠦ᠂ ᠬᠠᠶᠠ ᠬᠠᠯᠢᠨ ᠨᠢᠰᠴᠦ ᠪᠠᠶᠢᠭᠰᠠᠨ ᠢᠶᠠᠨ ᠴᠣᠴᠢᠮ ᠢᠶᠠᠷ ᠱᠣᠩᠭᠤᠨ ᠪᠠᠭᠤᠵᠦ ᠪᠦᠵᠢᠭᠯᠡᠭᠰᠡᠭᠡᠷ ᠪᠠᠶᠢᠭᠠᠳ | ᠨᠢᠬᠡ ᠮᠡᠳᠡᠬᠦ ᠳᠤ ᠳᠠᠬᠢᠨ ᠭᠤᠶᠣ ᠬᠦᠮᠦᠨ ᠲᠦᠷᠬᠦ ᠪᠠᠷ ᠬᠤᠪᠢᠯᠣᠯᠠ᠃ | ᠨᠠᠭᠤᠷ ᠤᠨ ᠬᠦᠪᠡᠭᠡ ᠳᠠᠬᠢ ᠣᠢ ᠶᠢᠨ ᠳᠣᠮᠳᠠ ᠦᠨᠳᠣᠷ ᠴᠠᠭᠠᠨ ᠮᠣᠷᠢᠳᠠᠢ ᠠᠯᠮᠠᠰ ᠰᠢᠬᠢᠳᠭᠡᠬᠡᠷᠢ ᠶᠢᠨ ᠡᠷᠬᠢᠮᠰᠦᠭ ᠬᠤᠪᠴᠠᠰᠣ ᠲᠠᠢ ᠬᠡᠬᠡᠨᠴᠢᠷ ᠵᠠᠯᠠᠭᠤ | ᠣᠷᠠᠨ ᠪᠦᠵᠢᠭ ᠢ ᠴᠢᠨᠢ ᠰᠡᠳᠭᠢᠯ ᠳᠠᠯᠪᠢᠨ ᠰᠣᠨᠢᠷᠬᠠᠵᠦ ᠪᠠᠶᠢᠭᠰᠠᠭᠠᠷ ᠴᠢ ᠬᠦᠮᠦᠨ ᠲᠦᠷᠢ ᠳᠤ ᠢᠯᠡᠷᠡᠬᠦ ᠳ᠋ᠤ᠋ ᠬᠠᠨᠣᠮᠵᠢᠳᠠᠶᠢᠬᠠᠨ ᠬᠡᠭᠴᠢ ᠢᠨᠢᠶᠡᠯ᠎ᠡ᠃ ᠪᠦᠵᠢᠭ ᠤᠨ | ᠴᠢᠨᠢ ᠳᠡᠷᠪᠡᠬᠡᠨ ᠳᠤ ᠰᠠᠳᠠᠷᠠᠭᠰᠠᠨ ᠰᠢᠷ᠎ᠠ ᠬᠡᠵᠢᠬᠡᠨ ᠠᠴᠠ ᠴᠢᠨᠢ ᠣᠰᠣᠨ ᠰᠢᠪᠡᠷᠡᠭᠡ ᠪᠣᠳᠠᠷᠠᠵᠦ᠂ ᠬᠠᠵᠠᠭᠤ ᠪᠠᠷ ᠴᠢᠨᠢ ᠵᠢᠭᠠᠰᠣ ᠵᠢᠷᠠᠭᠠᠬᠠᠢ ᠴᠣᠯᠬᠢᠨ ᠳᠣᠭᠯᠠᠵᠦ᠂ | ᠪᠣᠯᠵᠣᠮᠣᠷ ᠰᠢᠪᠠᠭᠤ ᠠᠭᠠᠷ ᠲᠤ ᠵᠢᠷᠬᠢᠨ ᠳᠣᠩᠭᠤᠳᠴᠦ᠂ ᠣᠢ ᠮᠣᠳᠣᠳ ᠭᠤᠶᠢᠪᠠᠨ ᠱᠣᠣᠬᠢᠵᠦ ᠣᠯᠠᠮ ᠢᠶᠠᠷ ᠪᠦᠵᠢᠭ ᠲᠡᠭᠡᠨ ᠬᠠᠯᠠᠭᠤᠷᠠᠨ ᠰᠢᠳᠠᠭᠰᠠᠨ ᠴᠢᠨᠤ | ᠴᠠᠭᠠᠨ ᠰᠢᠷ᠎ᠠ ᠬᠠᠴᠠᠷ ᠴᠢᠨᠢ ᠶᠠᠭᠠᠷᠠᠨ ᠣᠯᠠᠶᠢᠵᠦ ᠪᠦᠬᠦ ᠪᠠᠶ᠎ᠠ ᠴᠢᠨᠢ ᠨᠠᠶᠢᠭᠤᠯᠵᠠᠨ ᠰᠠᠵᠢᠯᠠᠬᠤ ᠳᠤ ᠬᠠᠷ᠎ᠠ ᠨᠣᠤᠯᠤᠭᠤᠷ ᠤᠨ ᠪᠠᠩᠵᠠᠯ ᠴᠢᠨᠢ ᠮᠣᠯᠳᠣᠷᠠᠵᠦ | ᠬᠠᠵᠠᠭᠤ ᠶᠢᠨ ᠬᠠᠳᠠᠨ ᠲᠡᠭᠡᠷ᠎ᠡ ᠰᠢᠳᠡᠭᠳᠡᠯᠡ᠃ ᠬᠠᠭᠠᠨ ᠤ ᠬᠦᠪᠡᠬᠦᠨ ᠠᠷᠭᠤᠮᠠᠭ ᠬᠦᠯᠦᠭ ᠠᠴᠠ ᠪᠠᠨ ᠠᠯᠭᠤᠷᠬᠠᠨ ᠪᠠᠭᠤᠵᠦ ᠪᠠᠩᠵᠠᠯ ᠢ ᠴᠢᠨᠢ ᠠᠪᠣᠭᠠᠳ ᠳᠡᠷᠪᠡᠭᠡᠷ | ᠮᠠᠯᠠᠭᠠᠢ ᠳᠡᠭᠡᠷ᠎ᠡ ᠪᠠᠨ ᠳᠠᠯᠪᠢᠬᠤ ᠳᠤ ᠨᠠᠩ ᠴᠦ ᠴᠢᠮᠡᠭ ᠳᠡᠬᠦᠰ ᠦᠵᠡᠮᠵᠢ ᠳᠡᠬᠦᠯᠳᠡᠷ ᠪᠣᠯᠵᠦ᠂ ᠦᠨᠳᠣᠷ ᠴᠠᠭᠠᠨ ᠠᠷᠭᠤᠮᠠᠭ ᠬᠦᠯᠦᠭ ᠨᠢ ᠲᠣᠭᠤᠷᠠᠢ ᠪᠠᠨ | ᠴᠠᠪᠴᠢᠯᠠᠨ ᠬᠦᠩᠬᠡᠬᠡᠨ ᠦᠣᠷᠰᠡᠨᠡ᠃ | ᠰᠣᠴᠢᠭᠰᠠᠨ ᠢᠨᠵᠠᠭ᠎ᠠ ᠰᠢᠬ ᠴᠢ ᠳᠡᠪᠭᠡᠴᠡᠨ ᠢᠷᠡᠭᠡᠳ ᠬᠠᠭᠠᠨ ᠤ ᠬᠦᠣ ᠶᠢ ᠴᠣᠴᠢᠮᠠᠭ ᠬᠠᠷᠠᠭᠠᠳ ᠢᠴᠢᠩᠬᠦᠷᠡᠨ ᠵᠣᠮᠠᠯᠵᠠᠬᠤ ᠨᠢ ᠶᠠᠮᠠᠷᠬᠠᠨ ᠡᠷᠪᠡᠢ | ᠬᠦᠬᠡᠷᠦᠬᠦᠨ ᠪᠢᠯᠡ︕ ᠬᠠᠭᠠᠨ ᠬᠦᠪᠡᠬᠦᠨ ᠳᠣᠷᠠᠯᠠᠯ ᠤᠨ ᠬᠠᠷᠠᠴᠠ ᠪᠠᠨ ᠴᠢᠮ᠎ᠠ ᠣᠷᠣᠭᠤ ᠢᠯᠡᠬᠡᠵᠦ᠂ ᠭᠠᠷ ᠢᠶᠠᠨ ᠴᠢᠮ᠎ᠠ ᠣᠷᠣᠭᠤ ᠰᠣᠩᠭᠠᠬᠤ ᠳᠤ ᠴᠢ ᠬᠠᠷᠢᠨ | ᠬᠠᠶᠢᠯᠣᠨ ᠵᠠᠮᠬᠠᠷᠠᠭᠰᠠᠭᠠᠷ ᠬᠠᠷ᠎ᠠ ᠬᠤᠨ ᠤ ᠨᠣᠤᠯᠤᠭᠤᠷ ᠪᠣᠯᠣᠭᠠᠳ ᠪᠣᠳᠠᠷᠠᠴᠢᠬᠠᠯᠠ ᠁ | ᠬᠠᠭᠠᠨ ᠬᠦᠪᠡᠬᠦᠨ ᠨᠢ ᠪᠢ ᠪᠠᠶᠢᠭᠰᠠᠨ ᠶᠣᠮ᠂ ᠦᠨᠡᠨ ᠳᠡᠭᠡᠨ ᠪᠢ ᠬᠠᠷᠠᠴᠦ ᠬᠦᠪᠡᠬᠦᠨ ᠪᠠᠶᠢᠭᠰᠠᠨ ᠶᠣᠮ︕ |