ᠨᠠᠮᠤᠷ | ᠠᠯᠲᠠᠨᠭᠠᠷᠤᠳᠢ | | | ᠨᠠᠪᠴᠢᠰ ᠰᠢᠷᠠᠯᠠᠬᠤ ᠠᠯᠳᠠᠨ ᠨᠠᠮᠤᠷ | ᠨᠠᠷᠠᠨ ᠰᠠᠴᠤᠷᠠᠬᠤ ᠤᠶᠠᠬᠠᠨ ᠨᠠᠮᠤᠷ | ᠰᠠᠭᠠᠯᠢ ᠡᠯᠪᠡᠭ ᠪᠠᠶᠠᠨ ᠨᠠᠮᠤᠷ | ᠰᠠᠷ᠎ᠠ ᠳᠤᠯᠠᠶᠢᠬᠤ ᠲᠡᠷᠭᠡᠯ ᠨᠠᠮᠤᠷ | ᠮᠠᠯ ᠲᠠᠷᠭᠤᠯᠠᠭᠰᠠᠨ ᠲᠣᠰᠣᠨ ᠨᠠᠮᠤᠷ | ᠮᠠᠨᠠᠨ ᠲᠠᠲᠠᠭᠰᠠᠨ ᠭᠤᠶᠣᠬᠠᠨ ᠨᠠᠮᠤᠷ | ᠠᠳᠤᠭᠤ ᠰᠠᠶᠢᠲᠠᠢ ᠰᠢᠯᠢ ᠶᠢᠨ ᠨᠠᠮᠤᠷ | ᠠᠲᠠᠭ᠎ᠠ ᠮᠠᠭᠤᠲᠠᠢ ᠰᠢᠯᠦᠭ ᠤᠨ ᠨᠠᠮᠤᠷ | ᠭᠤᠭᠤᠳ ᠰᠡᠩᠭᠢᠨᠡᠮ᠎ᠡ ᠬᠠᠳᠤᠯᠠᠩ ᠤᠨ ᠨᠠᠮᠤᠷ | ᠭᠤᠣᠯ ᠵᠢᠩᠭᠢᠨᠡᠮ᠎ᠡ ᠣᠷᠴᠢᠯᠠᠩ ᠤᠨ ᠨᠠᠮᠤᠷ | ᠭᠠᠯᠠᠭᠤᠳ ᠴᠤᠪᠤᠭᠰᠠᠨ ︽ᠡᠮᠧ ᠶᠢᠨ ᠨᠠᠮᠤᠷ︾ | ᠭᠠᠵᠠᠷ ᠲᠤ ᠥᠭᠭᠦᠭᠰᠡᠨ ᠰᠧᠮᠡ ᠶᠢᠨ ᠨᠠᠮᠤᠷ | ᠬᠤᠷᠮᠣᠰᠳᠠ ᠶᠢᠨ ᠣᠳᠣᠳ ᠤᠨ ᠭᠤᠷᠪᠠᠯᠵᠢᠨ ᠨᠠᠮᠤᠷ | ᠬᠤᠷᠤᠳ ᠲᠠᠢ ᠠᠶᠢᠯ ᠤᠨ ᠳᠥᠷᠪᠡᠯᠵᠢᠨ ᠨᠠᠮᠤᠷ | | ᠮᠣᠷᠢᠨ ᠬᠤᠭᠤᠷ ᠤᠨ ᠰᠢᠭᠤᠷᠭᠠᠨᠲᠤ ᠨᠠᠮᠤᠷ | ᠮᠣᠩᠭᠤᠯ ᠭᠠᠵᠠᠷ ᠤᠨ ᠰᠢᠪᠠᠭᠤᠲᠤ ᠨᠠᠮᠤᠷ | ᠤᠶᠠᠷᠠᠬᠤ ᠳᠤ ᠨᠠᠪᠴᠢᠰ ᠨᠢ ᠤᠨᠠᠳᠠᠭ ᠨᠠᠮᠤᠷ | ᠠᠭᠤᠵᠢᠷᠠᠬᠤ ᠳᠤ ᠲᠡᠭᠷᠢ ᠨᠢ ᠤᠷᠭᠤᠳᠠᠭ ᠨᠠᠮᠤᠷ | ᠳᠠᠭᠤᠯᠠᠬᠤ ᠳᠤ ᠠᠭᠤᠯᠠᠰ ᠨᠢ ᠴᠢᠩᠨᠠᠳᠠᠭ ᠨᠠᠮᠤᠷ | ᠳᠤᠷᠠᠯᠠᠬᠤ ᠳᠤ ᠠᠯᠢᠮ᠎ᠠ ᠨᠢ ᠱᠠᠩᠨᠠᠳᠠᠭ ᠨᠠᠮᠤᠷ | ᠤᠰᠤ ᠡᠷᠭᠢᠮᠯᠡᠳᠡᠭ ᠪᠠᠭᠤᠴᠠ ᠨᠠᠮᠤᠷ | ᠤᠲᠠᠰᠤ ᠢᠷᠡᠳᠡᠭ ᠨᠢᠭᠤᠴᠠ ᠨᠠᠮᠤᠷ | ᠴᠡᠩᠬᠡᠷ ᠲᠡᠷᠯᠢᠭ ᠲᠠᠢ ᠡᠭᠦᠯᠡᠨ ᠳᠠᠭᠢᠨᠢ | ᠴᠢ ᠮᠢᠨᠤ ᠬᠤᠩᠭᠤᠷ ᠨᠠᠮᠤᠷ ᠠ᠋︕ | |