ᠤᠯᠠᠷᠢᠯ ᠪᠣᠯᠭᠠᠨ ᠥᠩᠭᠡ ᠪᠠᠷ ᠢᠶᠠᠨ ᠪᠠᠶᠢᠬᠤ ᠳᠤ ᠪᠢ ᠳᠤᠷᠠᠲᠠᠢ | ᠡᠪᠦᠯ ᠬᠠᠶᠠ ᠳᠠᠭᠠᠨ ᠴᠠᠰᠤ ᠲᠠᠢ ᠪᠠᠶᠢᠬᠤ ᠳᠤᠨᠢ ᠬᠠᠴᠢᠨ ᠳᠤᠷᠠᠲᠠᠢ | ᠶᠡᠭᠡ ᠪᠠᠶᠢᠭᠠᠯᠢ ᠶᠢᠨ ᠤᠰᠤᠨ ᠤ ᠬᠡ ᠬᠡᠭᠡᠮᠰᠦᠭ ᠪᠥᠵᠢᠵᠦ | ᠶᠢᠷᠲᠢᠨᠴᠦ ᠶᠢᠨ ᠲᠣᠭᠤᠰᠣ ᠶᠢ ᠬᠤᠴᠢᠵᠤ ᠨᠡᠮᠡᠶᠢᠭᠦ ᠳᠤᠨᠢ ᠣᠨᠴᠠ ᠶᠢᠨ ᠳᠤᠷᠠᠲᠠᠢ᠃ | | | ᠠᠷᠤ ᠠᠴᠠ ᠨᠢ ᠰᠢᠭᠤᠷᠭ᠎ᠠ ᠢᠳᠡ ᠭᠤᠶᠠᠳᠠᠯᠠᠬᠤ ᠴᠤ ᠰᠠᠶᠢᠬᠠᠨ ᠶᠤᠮ | ᠥᠯᠴᠢᠷ ᠪᠠᠶᠢᠬᠤ ᠶᠢᠨ ᠪᠤᠭᠤᠷᠤᠯ ᠤᠬᠠᠭᠠᠨ ᠢ ᠬᠦᠦᠷᠨᠢᠳᠡᠭ ᠶᠤᠮ᠂ | ᠡᠪᠦᠭᠡᠳ ᠤᠨ ᠰᠠᠬᠠᠯ ᠳᠤ ᠴᠡᠮᠴᠡᠭᠡᠨᠡᠭᠰᠡᠨ ᠴᠠᠭᠠᠨ ᠠᠮᠢᠰᠬᠤᠭ᠎ᠠ ᠢᠰᠡᠭᠡᠢ ᠭᠤᠲᠤᠯ᠂ | ᠨᠡᠬᠡᠢ ᠳᠡᠪᠡᠯ ᠲᠠᠢ ᠪᠠᠨ ᠪᠦᠷ ᠲᠤᠤᠯᠢ ᠶᠤᠮ᠃ | | | ᠠᠵᠢᠷ ᠳᠥᠵᠢᠷ ᠮᠣᠳᠣᠨ ᠰᠠᠯᠠᠭᠠᠨ ᠳᠤ ᠢᠯᠡ ᠰᠠᠭᠤᠭᠰᠠᠨ ᠰᠢᠪᠠᠭᠤᠳ ᠤᠨ ᠬᠡᠯᠡ | ︽ᠡᠳᠦᠷ ᠬᠦᠢᠲᠡᠷᠡᠬᠦ ᠨᠢ︾ ᠭᠡᠵᠦ ᠡᠮᠡᠭᠡᠳ ᠤᠨ ᠤᠬᠠᠭᠠᠨ ᠢ ᠰᠡᠴᠡᠯᠡᠵᠦ | ᠢᠯᠡᠭᠦᠦ ᠭᠡᠷ ᠤᠨ ᠬᠥᠯᠳᠡᠭᠦᠦ ᠵᠠᠶᠢᠳᠠᠰᠤ ᠲᠤᠯᠭᠠᠨ ᠲᠤᠰᠢᠶ᠎ᠠ ᠣᠶᠢᠷᠠᠳᠴᠤ | ᠠᠷᠭᠠᠯ ᠤᠨ ᠭᠠᠯ ᠤᠨ ᠤᠯᠠᠭᠠᠨ ᠰᠣᠷ ᠠᠴᠠ ᠢᠯᠴᠢ ᠪᠠᠳᠠᠷᠠᠬᠤ ᠨᠢ ᠨᠦᠮᠵᠦᠭᠬᠡᠨ ᠠ᠋᠃ | | | ᠰᠤᠷᠭᠠᠭᠤᠯᠢ ᠶᠢᠨ ᠮᠥᠷ ᠢᠶᠠᠷ ᠭᠦᠶᠦᠵᠦ ᠢᠷᠡᠭᠰᠡᠨ ᠬᠡᠦᠬᠡᠳ ᠤᠨ | ᠪᠡᠭᠡᠷᠡᠭᠰᠡᠨ ᠭᠠᠷ᠂ ᠤᠯᠠᠶᠢᠭᠰᠠᠨ ᠬᠠᠴᠠᠷ ᠡᠴᠢᠭᠡ ᠶᠢᠨ ᠡᠯᠢᠭᠡᠨ ᠳᠤ ᠪᠦᠯᠢᠶᠡᠰᠴᠦ | ᠰᠤᠷᠬᠤ ᠨᠣᠮ ᠠᠴᠠ ᠬᠤᠯᠠ ᠡᠮᠦᠨᠡᠬᠢ ︽ᠠᠮᠢᠳᠤ ᠦᠯᠢᠭᠡᠷ︾ ᠬᠦᠯᠬᠦᠵᠦ | ᠪᠢᠯᠵᠤᠤᠬᠠᠢ ᠬᠥᠮᠥᠷᠢᠬᠦ ᠡᠯᠬᠡᠭ ᠤᠨ ᠰᠢᠵᠢᠮ ᠢ ᠰᠠᠬᠢᠵᠤ ᠰᠠᠭᠤᠬᠤ ᠨᠢ ᠬᠥᠭᠡᠷᠦᠬᠦᠨ ᠠ᠋᠃ | | | ᠤᠯᠠᠷᠢᠯ ᠥᠩᠭᠡ ᠪᠠᠷ ᠢᠶᠠᠨ ᠪᠠᠶᠢᠬᠤ ᠳᠤ ᠪᠢ ᠳᠤᠷᠠᠲᠠᠢ | ᠡᠬᠡ ᠪᠠᠶᠢᠭᠠᠯᠢ ᠤᠩᠭᠤᠨ ᠢᠶᠠᠷ ᠢᠶᠠᠨ ᠪᠠᠶᠢᠬᠤ ᠳᠤ ᠢᠯᠡᠭᠦᠦ ᠳᠤᠷᠠᠲᠠᠢ᠂ | ᠤᠤᠭᠠᠯ ᠰᠣᠶᠣᠯ ᠶᠠᠩᠵᠤ ᠪᠠᠷ ᠢᠶᠠᠨ ᠪᠠᠶᠢᠬᠤ ᠳᠤ ᠨᠡᠩ ᠳᠤᠷᠠᠲᠠᠢ | ᠠᠯᠢᠪᠠ ᠪᠦᠭᠦᠨ ᠵᠢᠮ᠎ᠡ ᠪᠠᠷ ᠢᠶᠠᠨ ᠪᠠᠶᠢᠬᠤ ᠳᠤ ᠣᠨᠴᠠ ᠶᠢᠨ ᠳᠤᠷᠠᠲᠠᠢ ᠁ |