ᠰᠦᠨᠢᠵᠢᠨ ᠠᠨᠢᠪᠴᠢᠯᠠᠬᠤ ᠤᠲᠤᠳ ᠢ ᠬᠠᠷᠠᠭᠠᠳ ᠨᠦᠢᠷ ᠬᠤᠯᠵᠢᠭᠤᠯᠲᠠᠭ ᠨᠠᠪᠲᠠᠭᠠᠷ ᠪᠤᠷᠤ ᠭᠡᠷ ᠮᠢᠨᠢ ᠲᠠᠨᠲᠠ ᠪᠤᠢ᠂ ᠨᠠᠰᠤᠨ ᠪᠠᠭ᠎ᠠ ᠶᠢᠨ ᠲᠤᠷᠠᠰᠤᠮᠵᠢ | ᠮᠢᠨᠢ ᠲᠡᠨᠲᠡ ᠪᠤᠢ᠂ ᠤᠭᠰᠠᠭ᠎ᠠ ᠵᠠᠯᠭᠠᠵᠤ ᠤᠲᠤᠮ ᠲᠠᠮᠵᠢᠬᠤ ᠤᠬᠠᠭᠠᠨ ᠴᠦ ᠲᠡᠨᠲᠡ ᠪᠤᠢ᠃ ᠡᠨᠡ ᠭᠠᠵᠠᠷ ᠢ ᠨᠤᠲᠤᠭ ᠭᠡᠲᠡᠭ᠂ ᠡᠷᠬᠢᠬᠦ ᠲᠦᠷᠦᠯ ᠢᠶᠠᠨ ᠠᠲᠡ ᠭᠡᠵᠤ | ᠲᠠᠭᠠᠳᠬᠠᠭᠰᠠᠨ ᠭᠠᠵᠠᠷ ᠡ᠃ ᠨᠤᠲᠤᠭ ᠤᠨ ᠰᠢᠷᠤᠢ ᠠᠯᠲᠠ ᠠᠴᠠ ᠦᠨᠡᠲᠡᠢ ᠭᠡᠵᠤ ᠨᠠᠰᠤᠲᠠᠶᠢᠴᠤᠳ ᠲᠠᠩᠲᠠ ᠶᠠᠷᠢᠲᠠᠭ᠂ ᠠᠯᠲᠠ ᠯᠠ ᠪᠠᠶᠢᠬᠤ ᠶᠤᠰᠤᠲᠠᠢ᠃ ᠡᠷ᠎ᠡ | ᠪᠡᠶ᠎ᠡ ᠮᠢᠨᠢ ᠡᠵᠢ ᠠᠴᠠ ᠪᠠᠨ ᠲᠦᠷᠦᠬᠦ ᠳᠤ ᠡᠭᠡ ᠤᠷᠤᠨ ᠤ ᠪᠠᠨ ᠬᠦᠷᠦᠰᠤ ᠰᠢᠷᠤᠢ ᠲᠠᠢ ᠪᠠᠨ ᠡᠭᠡᠨᠡᠭᠲᠡ ᠬᠦᠢ ᠪᠠᠨ ᠬᠤᠯᠪᠤᠭᠰᠠᠨ ᠶᠤᠮ᠃ ᠠᠩᠬᠠᠨ ᠤ | ᠠᠯᠬᠤᠮ ᠢᠶᠠᠨ ᠠᠯᠬᠤᠬᠤ ᠳᠤ ᠨᠤᠲᠤᠭ ᠤᠨ ᠮᠢᠨᠢ ᠰᠢᠷ᠎ᠠ ᠰᠢᠷᠤᠢ ᠬᠦᠮᠦᠨ ᠤ ᠠᠮᠢᠲᠤᠷᠠᠯ ᠤᠨ ᠪᠠᠶᠠᠷ ᠵᠤᠪᠠᠯᠠᠩ ᠢ ᠡᠷᠲᠡ ᠠᠴᠠ ᠲᠠᠨᠢᠭᠤᠯᠬᠤ ᠭᠡᠵᠤ ᠬᠤᠨᠢᠨ ᠤ | ᠬᠤᠷᠭᠤᠯ ᠢᠶᠠᠷ ᠢᠶᠠᠨ ᠨᠠᠮᠠᠢᠢ ᠪᠦᠲᠦᠷᠢᠬᠦᠯᠦᠭᠰᠡᠨ ᠶᠤᠮ᠂ ᠬᠤᠨᠲᠠᠭᠠᠨ ᠴᠢᠨᠡᠭᠡᠨ ᠬᠤᠩᠬᠤᠷ ᠢᠶᠠᠷ ᠢᠶᠠᠨ ᠨᠠᠮᠠᠢᠢ ᠶᠢ ᠤᠨᠠᠭᠠᠭᠰᠠᠨ ᠶᠤᠮ᠂ ᠠᠮᠠ ᠲᠦᠬᠦᠷᠡᠩ ᠰᠢᠷᠤᠢ | ᠡᠮᠬᠦᠵᠦ᠂ ᠡᠵᠢ ᠪᠠᠨ ᠬᠠᠷᠠᠭᠠᠳ ᠲᠠᠭᠤ ᠲᠠᠯᠪᠢᠨ ᠤᠬᠢᠯᠠᠬᠤ ᠳᠤ ᠪᠦᠲᠦᠨ ᠲᠡᠯᠡᠭᠡᠢ ᠮᠢᠨᠤ ᠰᠢᠭ᠋ ᠯᠠ ᠪᠠᠶᠢᠭᠰᠠᠨ᠃ ᠨᠤᠲᠤᠭ ᠤᠨ ᠮᠢᠨᠢ ᠬᠦᠷᠦᠰᠦ ᠢᠩᠬᠢᠵᠦ ᠯᠠ | ᠨᠠᠮᠢᠢ ᠰᠦ ᠶᠢᠨ ᠦᠨᠦᠷ ᠰᠢᠩᠭᠡᠭᠰᠡᠨ ᠮᠤᠲᠤᠨ ᠦᠯᠦᠭᠡᠢ ᠠᠴᠠ ᠲᠤᠰᠤᠨ ᠠᠪᠴᠤ᠂ ᠠᠩᠬᠢᠷ ᠤᠭᠤᠷᠠᠭ ᠰᠡᠩᠭᠢᠨᠡᠭᠰᠡᠨ ᠪᠤᠶᠢᠲᠤᠭ ᠢ ᠮᠢᠨᠢ ᠡᠯᠡᠭᠡᠨ ᠬᠦᠯ ᠳᠤ | ᠤᠷᠤᠭᠤᠯᠤᠭᠰᠠᠨ ᠶᠤᠮ᠃ | ᠾᠦ᠋ᠩᠨᠦ ᠰᠢᠶᠦ᠋ᠩᠨᠦ ᠶᠢᠨ ᠦᠶ᠎ᠡ ᠠᠴᠠ ᠬᠤᠷᠯᠤ ᠲᠤᠭᠤᠨᠤ ᠲᠠᠢ ᠭᠡᠷ ᠪᠦᠮᠪᠤᠶᠢᠵᠦ ᠪᠠᠶᠢᠭᠰᠠᠨ ᠨᠤᠲᠤᠭ᠂ ᠬᠤᠷ ᠲᠡᠯ ᠲᠠᠢ ᠠᠲᠤᠭᠤ ᠢᠨᠴᠠᠭᠠᠵᠤ ᠪᠠᠶᠢᠭᠰᠠᠨ | ᠭᠠᠵᠠᠷ᠂ ᠬᠤᠷᠠᠭᠠᠨ ᠲᠡᠪᠡᠯ ᠲᠠᠢ ᠭᠡᠤᠭᠡᠳ ᠠᠨᠳᠠᠭᠠᠶᠢᠯᠠᠵᠤ ᠪᠠᠶᠢᠭᠰᠠᠨ ᠬᠠᠶᠢᠷᠠᠬᠠᠨ᠃ ᠮᠢᠩᠭ᠎ᠠ ᠮᠢᠩᠭᠠᠨ ᠤ ᠬᠠᠯᠠᠭ᠎ᠠ ᠳᠤ᠂ ᠵᠠᠭᠤ ᠵᠠᠭᠤᠨ ᠤ ᠤᠯᠠᠭ᠎ᠠ ᠳᠤ᠂ ᠮᠦᠩᠭᠡ | ᠲᠡᠭᠷᠢ ᠳᠤ ᠪᠠᠨ ᠲᠠᠭᠠᠳᠬᠠᠨ᠂ ᠮᠦᠷᠡᠨ ᠭᠤᠤᠯ ᠢᠶᠠᠨ ᠲᠠᠬᠢᠵᠦ᠂ ᠤᠪᠤᠭ᠎ᠠ ᠬᠠᠶᠢᠷᠠᠬᠠᠨ ᠳᠤ ᠪᠠᠨ ᠰᠦᠰᠦᠭᠯᠡᠨ ᠮᠦᠷᠬᠦᠵᠦ᠂ ᠴᠢᠮᠬᠢ ᠰᠢᠷᠤᠢ ᠶᠢ ᠨᠢ ᠬᠦᠷᠲᠡᠯ᠎ᠠ | ᠴᠡᠴᠡᠭᠡᠢ ᠪᠠᠨ ᠰᠢᠭ ᠬᠠᠶᠢᠷᠠᠯᠠᠨ᠂ ᠠᠶᠠᠭᠠᠨ ᠴᠢᠨᠡᠭᠡᠨ ᠨᠦᠭᠡ ᠮᠠᠯᠲᠠᠭᠰᠠᠨ ᠴᠦ ︽ᠡᠭᠡ ᠲᠡᠯᠡᠭᠡᠢ ᠡᠮᠵᠡᠭᠯᠡᠨ᠎ᠡ ᠰᠢᠤ︾ ᠭᠡᠳ ᠦᠷ᠎ᠡ ᠠᠴᠢᠨᠠᠷ ᠢᠶᠠᠨ ᠬᠦᠮᠦᠵᠢᠬᠦᠯᠵᠦ᠂ | ᠠᠬᠢᠭᠠᠳ ᠤᠤᠯ ᠶᠤᠰᠤᠭᠠᠷ ᠨᠢ ᠪᠤᠯᠠᠵᠤ ᠲᠠᠯᠪᠢᠲᠠᠭ ᠲᠡᠷᠲᠡᠭᠡ ᠬᠤᠯᠠ ᠶᠢᠨ ᠲᠡᠭᠷᠢᠯᠢᠭ ᠰᠤᠶᠤᠯ ᠢ ᠡᠪᠲᠡᠭᠲᠡᠭᠡ ᠦᠭᠡᠢ ᠤᠩᠭᠤᠨ ᠪᠠᠶᠢᠭᠠᠯᠢ ᠪᠢᠲᠠᠨ ᠳᠤ ᠭᠡᠯᠡᠵᠦ | ᠪᠠᠶᠢᠭᠰᠠᠨ ᠶᠤᠮ᠃ ᠡᠭᠡ ᠤᠷᠤᠨ ᠢᠶᠠᠨ ᠭᠡᠰᠡᠨ ᠪᠠᠭᠠᠲᠤᠷ ᠡᠷᠡᠴᠤᠳ ᠤᠯᠠᠭᠠᠨ ᠴᠢᠰᠤ ᠪᠠᠨ ᠠᠲᠡ ᠤᠷᠤᠰᠬᠠᠵᠤ ᠮᠦᠩᠭᠡᠷᠡᠭᠰᠡᠨ ᠶᠤᠮ᠂ ᠡᠩᠬᠦᠷᠡᠢ ᠦᠷ᠎ᠡ ᠪᠠᠨ | ᠭᠡᠰᠡᠨ ᠪᠤᠭᠤᠷᠤᠯ ᠡᠵᠢ ᠬᠠᠯᠠᠭᠤᠨ ᠨᠢᠯᠪᠤᠰᠤ ᠪᠠᠨ ᠠᠲᠡ ᠪᠦᠮᠪᠦᠷᠢᠬᠦᠯᠵᠦ ᠴᠢᠯᠠᠭᠤᠵᠢᠭᠰᠠᠨ ᠶᠤᠮ᠃ ᠦᠯᠢᠭᠡᠷ ᠲᠠᠢ ᠲᠤᠮᠤᠭ ᠲᠠᠢ ᠡᠶᠢᠮᠦ ᠯᠠ ᠰᠠᠶᠢᠬᠠᠨ | ᠨᠤᠲᠤᠭ ᠤᠨ ᠬᠦᠭᠡ ᠴᠢᠯᠠᠭᠤᠨ ᠳᠤᠨᠢ ᠮᠦᠷ ᠢᠶᠠᠨ ᠦᠯᠡᠲᠡᠭᠡᠵᠦ᠂ ᠠᠶᠠᠰ ᠤᠨ ᠰᠠᠯᠬᠢᠨ ᠳᠤᠨᠢ ᠬᠠᠴᠠᠷ ᠢᠶᠠᠨ ᠢᠯᠪᠢᠬᠦᠯᠵᠦ᠂ ᠬᠦᠯᠦᠭ ᠤᠨ ᠨᠢᠷᠤᠭᠤᠨ ᠳᠤᠨᠢ ᠨᠢ | ᠬᠠᠲᠠᠭᠤᠵᠢᠨ ᠪᠦᠭᠡᠵᠢᠵᠦ᠂ ᠭᠡᠤᠭᠡᠳ ᠠᠴᠠ ᠭᠡᠤᠭᠡᠳ ᠤᠨ ᠠᠪᠤ ᠪᠤᠯᠤᠭᠰᠠᠨ ᠳ᠋ᠠ᠃ ︽ᠦᠶ᠎ᠠ ᠦᠶ᠎ᠠ ᠳᠤ ᠪᠠᠨ ᠠᠮᠠᠷᠠᠭ᠂ ᠦᠨᠢᠶ᠎ᠡ ᠲᠤᠭᠤᠯ ᠳᠤ ᠪᠠᠨ ᠠᠮᠠᠷᠠᠭ︾ | ᠭᠡᠲᠡᠭᠴᠢᠯᠡᠨ᠂ ᠦᠶ᠎ᠡ ᠬᠤᠷᠠᠭ ᠤᠨ ᠭᠡᠲᠦᠨ ᠭᠡᠤᠭᠡᠳ ᠤᠴᠠᠷᠠᠵᠤ ᠠᠭᠤᠯᠵᠠᠬᠤ ᠪᠠᠷ ᠨᠢᠰᠤ ᠪᠠᠨ ᠭᠤᠭᠤᠵᠢᠭᠤᠯᠤᠭᠰᠠᠨ ᠨᠢ ᠴᠦ ᠲᠡᠷᠡ᠂ ᠨᠢᠷᠤᠭᠤ ᠪᠠᠨ | ᠡᠬᠦᠷᠦᠭᠰᠡᠨ ᠨᠢ ᠴᠦ ᠲᠡᠷᠡ᠂ ᠤᠲᠠᠭᠠᠨ ᠡᠲᠦᠷ ᠬᠦᠮᠦᠨ ᠤ ᠪᠠᠷ᠎ᠠ ᠤᠯᠵᠤ ᠬᠠᠷᠠᠭᠰᠠᠨ ᠦᠭᠡᠢ ᠠᠴᠠ ᠪᠤᠯᠪᠠᠤ︖ ᠭᠡᠰᠡᠭ ᠪᠦᠱᠦᠬᠦᠷᠭᠡᠵᠦ ᠪᠠᠶᠢᠭᠰᠠᠨ ᠠᠴᠠ ᠪᠠᠨ | ᠨᠢᠭᠡ ᠮᠡᠲᠡᠬᠦ ᠳᠤ ᠯᠠ ᠴᠢᠨᠤ ᠮᠢᠨᠤ ᠭᠡᠵᠤ ᠢᠯᠠᠭᠠᠬᠤ ᠦᠭᠡᠢ ᠦᠶᠡᠷᠭᠡᠨ ᠲᠤᠭᠯᠠᠵᠤ ᠡᠬᠢᠯᠡᠲᠡᠭ᠃ | ᠬᠦᠲᠡᠭᠡ ᠶᠢᠨ ᠭᠡᠤᠭᠡᠳ ᠲᠤ ᠬᠦᠮᠦᠨ ᠤ ᠡᠮᠦᠨ᠎ᠡ ᠭᠠᠷᠭᠠᠴᠢᠮᠠᠷ ᠰᠤᠨᠢᠨ ᠰᠠᠶᠢᠬᠠᠨ ᠨᠠᠭᠠᠲᠤᠮ ᠲᠤᠭᠯᠠᠭᠠᠮ ᠤᠨ ᠵᠦᠢᠯ ᠭᠡᠵᠤ ᠪᠠᠶᠢᠲᠠᠭ ᠦᠭᠡᠢ ᠯᠠ ᠳ᠋ᠠ᠂ | ᠬᠦᠷᠰᠢ ᠠᠶᠢᠯ ᠤᠨ ᠭᠡᠤᠭᠡᠳ ᠤᠳ ᠬᠠᠶᠠ ᠢᠷᠡᠬᠦ ᠪᠠᠷ ᠸᠠᠭᠠᠷ ᠱᠠᠭᠠᠵᠠᠩ ᠤᠨ ᠭᠡᠯᠲᠡᠷᠭᠡᠢ ᠴᠤᠭᠯᠠᠭᠤᠯᠵᠤ᠂ ᠠᠶᠢᠯ ᠭᠡᠷ ᠪᠤᠯᠵᠤ ᠲᠤᠭᠯᠠᠬᠤ ᠪᠤᠶᠤ ᠪᠤᠷᠭᠠᠰᠤ ᠬᠤᠰᠤ | ᠵᠠᠶᠢᠲᠠᠯᠠᠨ ᠠᠲᠤᠭᠤᠴᠢᠨ ᠠᠪᠤ ᠪᠠᠨ ᠲᠠᠭᠤᠷᠢᠶᠠᠵᠤ ᠲᠤᠭᠯᠠᠲᠠᠭ ᠲᠡᠷᠡ ᠬᠤᠯᠠ ᠶᠢᠨ ᠭᠡᠤᠭᠡᠳ ᠨᠠᠰᠤ ᠲᠤᠷᠠᠳᠬᠠᠯ ᠳᠤ ᠭᠡᠵᠢᠶᠡᠲᠡ ᠤᠶᠢᠷᠠᠬᠠᠨ᠃ ᠵᠤᠯᠠᠢ ᠠᠴᠠ ᠨᠠᠷᠠ | ᠰᠢᠷᠠᠭᠰᠠᠨ ᠵᠤᠨ ᠤ ᠰᠠᠶᠢᠬᠠᠨ ᠨᠢᠭᠡᠨ ᠡᠲᠦᠷ᠂ ᠬᠦᠷᠰᠢ ᠠᠶᠢᠯ ᠤᠨ ᠬᠢᠨᠢ ᠭᠡᠷ ᠢᠶᠠᠷ ᠢᠶᠠᠨ ᠮᠠᠨ ᠤ ᠳᠤ ᠰᠢᠨ᠎ᠡ ᠱᠦᠯᠤ ᠤᠤᠭᠤᠵᠤ ᠭᠡᠢ ᠪᠠᠨ ᠲᠠᠷᠤᠨ᠎ᠠ ᠭᠡᠵᠤ | ᠢᠷᠡᠵᠡᠭᠡᠭᠰᠡᠨ ᠪᠢᠯᠡ᠃ ᠶᠡᠭᠡ ᠤᠯᠤᠰ ᠤᠳ ᠬᠤᠨᠢ ᠪᠠᠨ ᠲᠤᠶᠠᠴᠠᠵᠤ ᠭᠡᠲᠡᠰᠤ ᠲᠤᠲᠤᠷ ᠢᠶᠠᠨ ᠲᠤᠲᠤᠮᠲᠠᠨ ᠶᠠᠷᠢᠶ᠎ᠠ ᠬᠦᠭᠡᠷᠦᠨ ᠲᠠᠢ ᠶᠠᠭᠠᠷᠠᠨ᠎ᠠ᠃ ᠠᠶᠢᠯ ᠤᠨ ᠲᠡᠬᠦᠦ | ᠪᠤᠷᠭᠠᠰᠤᠨ ︽ᠮᠤᠷᠢ︾ ᠪᠠᠨ ᠭᠡᠲᠦ ᠰᠢᠷᠦᠬᠦᠨ ᠭᠤᠶᠠᠲᠠᠭᠰᠠᠨ ᠤ ᠬᠢ ᠪᠢᠵᠠ᠂ ᠭᠠᠭᠴᠠ ︽ᠪᠤᠯᠬᠢᠬᠤ︾ ᠶᠢ ᠲᠠᠭᠠᠯ ᠦᠭᠡᠢ ᠬᠠᠶᠠᠭᠲᠠᠵᠤ᠂ ᠡᠪᠤᠲᠦᠭ ᠨᠢ | ᠰᠢᠯᠪᠤᠷᠠᠬᠤ ᠪᠠᠷ ᠲᠠᠭᠤ ᠲᠠᠯᠪᠢᠨ ᠤᠬᠢᠯᠠᠭᠰᠠᠨ ᠳᠤ᠂ ᠶᠠᠭᠠᠷᠠᠯᠲᠤᠵᠤ ᠪᠠᠶᠢᠭᠰᠠᠨ ᠶᠡᠭᠡ ᠤᠯᠤᠰ ᠤᠳ ᠬᠦᠶᠦᠯᠲᠦᠨ ᠭᠠᠷᠴᠤ ᠢᠷᠠᠯ᠎ᠠ᠃ ᠠᠪᠤ᠄ ︽ᠭᠡᠨ ᠲᠡᠬᠦᠦ ᠪᠠᠨ | ᠲᠦᠯᠬᠢᠨ ᠤᠨᠠᠭᠠᠭᠰᠠᠨ ᠪᠤᠢ︖︾ ᠭᠡᠵᠤ ᠵᠠᠩᠲᠤᠷᠬᠤ ᠳᠤ᠂ ᠪᠢᠲᠡ ᠭᠡᠲᠦᠬᠦᠯᠠ ᠠᠶᠤᠨ ᠲᠠᠭᠵᠢᠵᠤ᠄ ︽ᠦᠪᠡᠷ ᠢᠶᠠᠨ ᠤᠨᠠᠭᠰᠠᠨ︕︾ ᠭᠡᠵᠤ ᠲᠤᠤᠭᠤᠷ ᠬᠠᠷᠠᠨ | ᠲᠤᠷᠤᠢ ᠲᠠᠭᠤᠨ ᠢᠶᠠᠷ ᠬᠠᠷᠢᠭᠤᠯᠤᠯ᠎ᠠ᠃ ᠲᠡᠭᠡᠬᠦ ᠳᠤ ᠠᠶᠢᠯ ᠤᠨ ᠮᠦᠮᠦ ᠨᠠᠷᠠᠨ ᠳᠤ ᠬᠠᠯᠠᠭᠰᠠᠨ ᠰᠢᠷᠤᠢ ᠠᠴᠠ ᠨᠢᠭᠡ ᠴᠢᠮᠬᠢᠵᠦ ᠠᠪᠤᠭᠠᠳ ᠭᠦᠤ ᠶᠢᠨ ᠢᠶᠠᠨ | ᠰᠢᠷᠬᠠᠨ ᠳᠤᠨᠢ ᠲᠦᠷᠬᠢᠴᠢᠭᠡᠭᠡᠳ᠄ ︽ᠵᠦᠭᠡᠷ ᠡ᠂ ᠵᠦᠭᠡᠷ᠂ ᠨᠤᠲᠤᠭ ᠤᠨ ᠰᠢᠷᠤᠢ ᠡᠮ ᠪᠤᠯᠲᠠᠭ ᠶᠤᠮ ᠡ᠂ ᠮᠢᠨᠤ ᠬᠦᠦ ᠲᠤᠮᠤ ᠡᠷ᠎ᠡ ᠬᠦᠮᠦᠨ ᠪᠤᠯᠴᠢᠬᠠᠭᠰᠠᠨ | ᠰᠢᠤ᠂ ᠤᠬᠢᠯᠠᠲᠠᠭ ᠦᠭᠡᠢ ᠶᠤᠮ︾ ᠭᠡᠯᠡ ᠁ ᠵᠠᠮ ᠬᠠᠷᠢᠯᠴᠠᠭ᠎ᠠ ᠲᠦᠬᠦᠮ ᠦᠭᠡᠢ᠂ ᠡᠮ ᠲᠠᠩ ᠢᠶᠠᠷ ᠲᠤᠲᠠᠭᠰᠠᠨ ᠤᠨ ᠵᠢᠯ ᠤᠳ ᠨᠤᠲᠤᠭ ᠤᠨ ᠮᠢᠨᠢ ᠰᠢᠷᠤᠢ | ᠨᠠᠲᠠ ᠳᠤ ᠮᠦᠩᠭᠡ ᠶᠢᠨ ᠰᠢᠲᠢ ᠰᠢᠩᠭᠡᠭᠰᠡᠨ ᠷᠢᠯᠦ ᠰᠢᠭ᠋ ᠰᠠᠨᠠᠭᠲᠠᠭᠰᠠᠨ᠃ | ᠬᠦᠮᠦᠨ ᠮᠠᠯ ᠤᠨ ᠰᠢᠷᠬᠠᠨ ᠳᠤ ᠨᠤᠲᠤᠭ ᠤᠨ ᠰᠢᠷᠤᠢ ᠶᠢ ᠲᠦᠷᠬᠢᠨ ᠴᠢᠰᠤ ᠶᠢ ᠨᠢ ᠲᠤᠭᠲᠠᠭᠠᠲᠠᠭ᠂ ᠶᠡᠷᠦ ᠨᠢ ᠢᠲᠡᠭᠡᠯᠡᠵᠦ ᠬᠤᠪᠢᠯᠠᠲᠠᠭ ᠦᠭᠡᠢ᠂ ᠭᠡᠲᠦ | ᠬᠤᠨᠤᠬᠤ ᠪᠠᠷ ᠦ ᠰᠡᠪ ᠦᠭᠡᠢ ᠰᠠᠶᠢᠬᠠᠨ ᠡᠲᠡᠭᠡᠲᠡᠭ ᠨᠢ ᠭᠠᠶᠢᠬᠠᠯᠲᠠᠢ᠃ ᠬᠦᠮᠡᠯᠢ ᠲᠠᠭᠠᠨ᠎ᠠ ᠶᠢᠨ ᠰᠢᠮ᠎ᠠ ᠬᠦᠷᠦᠰᠦᠨ ᠳᠤᠨᠢ ᠰᠢᠩᠭᠡᠵᠦ᠂ ᠭᠤᠭᠤᠳ ᠭᠤᠶᠤᠤ | ᠭᠠᠵᠠᠷ ᠰᠠᠢ ᠦᠭᠡᠢ ᠤᠷᠭᠤᠭᠰᠠᠨ ᠤ ᠬᠢ ᠴᠦ ᠪᠤᠯᠪᠠᠤ⁈ ᠨᠤᠲᠤᠭ ᠲᠠᠢ ᠬᠦᠮᠦᠨ ᠪᠠᠶᠠᠨ᠂ ᠲᠡᠶᠢᠮᠦ ᠳᠤ ᠪᠠᠨ ᠨᠤᠲᠤᠭ ᠲᠠᠢ ᠬᠦᠮᠦᠨ ᠭᠡᠶᠢᠮᠦᠷᠢ ᠲᠠᠢ ᠪᠠᠶᠢᠲᠠᠭ᠃ | ᠬᠦᠰᠡᠯ ᠤᠨ ᠵᠢᠬᠦᠷ ᠢᠶᠠᠨ ᠲᠡᠪᠲᠡᠷᠢᠬᠦᠯᠵᠦ᠂ ᠬᠦᠮᠦᠨ ᠤ ᠨᠤᠲᠤᠭ ᠲᠤ ᠬᠦᠯ ᠲᠠᠯᠪᠢᠬᠤ ᠳᠤ ᠶᠠᠭᠤ ᠪᠦᠬᠦᠨ ᠰᠤᠨᠢᠨ ᠰᠡᠪᠡᠬᠦᠨ᠂ ᠶᠠᠭᠤ ᠪᠦᠬᠦᠨ ᠡᠴᠢᠨ᠎ᠠ ᠨᠢᠭᠤᠴᠠ | ᠪᠠᠶᠢᠭᠰᠠᠨ ᠴᠦ ᠭᠡᠷ ᠤᠷᠤᠨ ᠢᠶᠠᠨ ᠭᠡᠵᠤ ᠶᠠᠷᠢᠭᠠᠳ ᠢᠷᠡᠬᠦ ᠳᠤ ᠨᠤᠲᠤᠭ ᠤᠨ ᠰᠢᠷ᠎ᠠ ᠰᠢᠷᠤᠢ ᠦᠨᠦᠷᠲᠦᠨ ᠬᠠᠮᠠᠷ ᠤᠨ ᠦᠵᠦᠬᠦᠷ ᠱᠠᠷᠬᠢᠷᠠᠲᠠᠭ ᠰᠠᠨ᠃ ᠦᠨᠲᠦᠷ | ᠠᠰᠠᠷ ᠰᠡᠬᠦ᠋ᠢᠭᠰᠡᠨ ᠬᠤᠲᠠ ᠳᠤ ᠤᠲᠠᠭᠠᠨ ᠰᠠᠭᠤᠭᠰᠠᠨ ᠪᠤᠭᠤᠷᠤᠯ ᠡᠵᠢ ᠨᠤᠲᠤᠭ ᠤᠨ ᠢᠶᠠᠨ ᠬᠠᠯᠠᠭᠤᠨ ᠬᠦᠷᠦᠰᠤᠨ ᠳᠤ ᠭᠡᠰᠬᠢᠬᠦ ᠪᠠᠷ ᠦᠪᠡᠷ ᠤᠨ ᠡᠷᠭᠡ ᠦᠭᠡᠢ | ᠰᠦᠬᠦᠷᠡᠨ ᠰᠠᠭᠤᠵᠤ᠂ ᠲᠠᠰᠤᠯ ᠪᠤᠯᠤᠭᠰᠠᠨ ᠨᠤᠲᠤᠭ ᠤᠨ ᠢᠶᠠᠨ ᠰᠢᠷᠤᠢ ᠶᠢ ᠬᠤᠶᠠᠷ ᠭᠠᠷ ᠢᠶᠠᠷ ᠢᠶᠠᠨ ᠬᠤᠮᠢᠨ ᠠᠪᠤᠭᠠᠳ ᠨᠠᠨᠲᠢᠩᠨᠠᠨ ᠦᠨᠦᠷᠯᠡᠬᠦ ᠳᠤ ᠲᠤᠲᠤᠷ᠎ᠠ ᠨᠢ | ᠤᠩᠭᠤᠶᠢᠨ᠂ ᠨᠢᠲᠤ ᠨᠢ ᠭᠡᠷᠡᠯᠲᠦᠵᠦ᠂ ᠲᠦᠮᠡᠨ ᠦᠷᠴᠢᠯᠡᠭᠡᠰᠤ ᠨᠢ ᠲᠡᠨᠢᠢᠭᠰᠡᠨ ᠰᠢᠭ ᠬᠠᠷᠠᠭᠲᠠᠨ᠎ᠠ᠂ ᠡᠪᠡᠳᠴᠢᠨ ᠲᠠᠬᠤᠯ ᠨᠢ ᠴᠦ ᠶᠢᠰᠦᠨ ᠲᠡᠭᠷᠢ ᠶᠢᠨ ᠴᠠᠭᠠᠨ᠎ᠠ | ᠵᠠᠮᠬᠠᠷᠠᠵᠠᠢ ᠁ | ᠲᠠᠲᠠᠭᠰᠠᠨ ᠵᠠᠯ᠎ᠠ ᠠᠴᠠ ᠨᠢ ᠲᠠᠷᠠᠭ ᠠᠶᠢᠷᠠᠭ ᠤᠨ ᠦᠨᠦᠷ ᠬᠠᠩᠬᠤᠯᠤᠭᠰᠠᠨ᠂ ᠲᠤᠭᠤᠷᠠᠢ ᠲᠠᠮᠠᠭᠠᠨ ᠠᠴᠠ ᠨᠢ ᠷᠠᠰᠢᠶᠠᠨ ᠪᠤᠯᠠᠭ ᠤᠨᠲᠤᠷᠤᠭᠰᠠᠨ᠂ ᠬᠤᠲᠠᠴᠢ | ᠨᠤᠬᠠᠢ ᠶᠢᠨ ᠲᠠᠭᠤᠨ ᠬᠤᠯᠠ ᠶᠢᠨ ᠬᠤᠯᠠ ᠠᠴᠠ ᠰᠤᠨᠤᠰᠲᠠᠭᠰᠠᠨ᠂ ᠬᠤᠷᠸ᠎ᠠ ᠳᠤ ᠲᠠᠬᠢᠭᠠᠳ ᠤᠯᠲᠠᠬᠤ ᠦᠭᠡᠢ ᠮᠢᠨᠤ ᠯᠠ ᠨᠤᠲᠤᠭ ᠭᠤᠶᠤᠬᠠᠨ᠂ ᠨᠠᠮᠠᠢᠢ ᠬᠦᠯ ᠳᠤ | ᠤᠷᠤᠭᠤᠯᠤᠭᠰᠠᠨ ᠨᠤᠲᠤᠭ ᠤᠨ ᠮᠢᠨᠢ ᠰᠢᠷᠤᠢ ᠨᠡᠩ ᠴᠦ ᠲᠤᠯᠠᠭᠠᠬᠠᠨ᠃ | ᠠᠮᠢ ᠲᠠᠢ ᠮᠢᠨᠢ ᠬᠤᠯᠪᠤᠭ᠎ᠠ ᠲᠠᠢ ᠮᠢᠨᠤ ᠨᠤᠲᠤᠭ | ᠠᠰᠢᠲᠠ ᠶᠢᠨ ᠵᠠᠶᠠᠭᠠᠲᠤ ᠰᠠᠶᠢᠬᠠᠨ ᠭᠠᠵᠷ ᠡ᠃ | ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ |