ᠬᠤᠪᠢᠰ ᠪᠣᠯ ᠮᠤᠩᠭᠤᠯ ᠦᠨᠳᠦᠰᠦᠳᠡᠨ ᠤ ᠴᠢᠪᠬᠠᠳᠠᠰᠤ ᠬᠦᠭᠵᠢᠮ ᠶᠤᠮ᠃ ᠬᠤᠪᠢᠰ ᠬᠦᠭᠵᠢᠮ ᠢ ᠪᠠᠰᠠ ︽ᠬᠤᠪᠤᠰ᠂ ᠬᠤᠪᠢᠰ᠂ ᠬᠤᠨᠪᠣᠰ᠂ ᠬᠦᠪᠡᠽᠢ︾ | ᠭᠡᠬᠦ ᠮᠡᠲᠦ ᠪᠠᠷ ᠨᠡᠷᠡᠯᠡᠵᠤ ᠪᠠᠶᠢᠳᠠᠭ᠃ ᠬᠤᠪᠢᠰ ᠬᠦᠭᠵᠢᠮ ᠤᠨ ᠨᠡᠷ᠎ᠡ ᠪᠤᠯᠤᠨ ᠬᠡᠯᠪᠡᠷᠢ ᠲᠦᠷᠰᠦ ᠶᠢ ᠶᠤᠸᠠᠨ ᠤᠯᠤᠰ ᠤᠨ ᠦᠶ᠎ᠡ ᠶᠢᠨ ᠰᠤᠳᠤᠷ ᠪᠢᠴᠢᠭ ︽ᠶᠤᠸᠠᠨ | ᠤᠯᠤᠰ ᠤᠨ ᠲᠡᠦᠬᠡ᠂ ᠶᠤᠰᠤᠯᠡᠯ ᠬᠦᠭᠵᠢᠮ ᠤᠨ ᠣᠶᠢᠯᠠᠯᠭ᠎ᠠ︾ ᠳᠤ᠄ ︽ᠬᠤᠪᠢᠰ ᠠᠨᠤ ᠫᠢᠫᠠ ᠳᠤᠷ ᠲᠦᠰᠳᠡᠢ᠂ ᠬᠦᠵᠦᠭᠦᠦ ᠰᠢᠯᠤᠭᠤᠨ᠂ ᠱᠠᠳᠤᠨ ᠲᠡᠪᠬᠡ ᠦᠭᠡᠢ᠂ | ᠨᠠᠷᠢᠨ ᠬᠤᠪᠢᠯ ᠲᠠᠢ᠂ ᠳᠠᠯᠠᠯᠠᠭᠰᠠᠨ ᠬᠤᠯᠤ ᠮᠡᠳᠤ ᠴᠠᠷ ᠲᠠᠢ ᠪᠦᠭᠡᠳ ᠠᠷᠠᠰᠤ ᠪᠠᠷ ᠪᠦᠷᠢᠮᠦᠢ᠂ ᠲᠦᠷᠪᠡᠨ ᠶᠤᠩᠬᠤᠷ ᠤᠳᠠᠰᠤ᠂ ᠭᠠᠭᠴᠠ ᠠᠷᠠᠯ ᠲᠠᠢ ᠪᠦᠯᠦᠭᠡ︾ | ᠭᠡᠵᠡᠢ᠃ ᠬᠤᠪᠢᠰ ᠨᠢ ᠲᠦᠷᠦ ᠶᠢᠨ ᠬᠦᠭᠵᠢᠮ ᠪᠠᠶᠢᠵᠤ᠂ ᠣᠷᠳᠤᠨ ᠤ ᠲᠤᠮᠤ ᠨᠠᠶᠢᠷ ᠶᠤᠰᠤᠯᠠᠯ ᠤᠨ ᠦᠶ᠎ᠡ ᠪᠠᠷ ᠬᠦᠭᠵᠢᠮᠳᠡᠳᠡᠭ ᠪᠦᠭᠡᠳ ᠴᠠᠰᠢ ᠤᠯᠠᠮᠵᠢᠯᠠᠭᠳᠠᠨ | ᠮᠢᠩ ᠤᠯᠤᠰ ᠤᠨ ᠦᠶ᠎ᠡ ᠬᠦᠷᠦᠭᠡᠳ ᠶᠡᠭᠡᠪᠡᠷ ᠲᠠᠷᠬᠠᠨ ᠲᠦᠭᠡᠵᠦ᠂ ᠴᠢᠩ ᠤᠯᠤᠰ ᠤᠨ ᠦᠶ᠎ᠡ ᠳᠤ ᠮᠦᠨ ᠲᠦᠷᠦ ᠶᠢᠨ ᠬᠦᠭᠵᠢᠮ ᠬᠡᠮᠡᠭᠳᠡᠵᠤ᠂ ᠬᠤᠵᠢᠮ ᠨᠢ | ᠤᠷᠬᠢᠭᠳᠠᠨ ᠬᠡᠭᠡᠭᠳᠡᠵᠡᠢ᠃ | ᠲᠡᠭᠡᠷ᠎ᠡ ᠵᠠᠭᠤᠨ ᠤ ᠲᠡᠭᠡᠷ᠎ᠡ ᠵᠠᠭᠤᠨ ᠤ ᠲᠠᠯᠠᠭᠠᠳ ᠤᠨ ᠤ ᠲᠤᠮᠳᠠᠴᠢ ᠪᠠᠷ ᠠᠯᠳᠠᠷᠳᠤ ᠬᠤᠪᠢᠰᠴᠢᠨ ᠭᠤ᠂ ᠴᠡᠩᠭᠡᠯᠳᠤ ᠭᠤᠸᠠᠢ ︵ᠬᠦᠪᠡᠭᠡᠲᠦ ᠰᠢᠷ᠎ᠠ | ᠨᠤᠳᠤᠭ ᠤᠨ ᠬᠦᠮᠦᠨ︶ ᠤᠯᠠᠮᠵᠢᠯᠠᠯᠳᠤ ᠬᠤᠪᠢᠰ ᠤᠨ ᠰᠠᠭᠤᠷᠢ ᠲᠡᠭᠡᠷ᠎ᠡ ᠲᠠᠬᠢᠵᠤ ᠰᠢᠨᠡᠴᠢᠯᠡᠨ ᠪᠦᠳᠦᠭᠡᠵᠡᠢ᠃ ᠰᠢᠨᠡᠴᠢᠯᠡᠭᠰᠡᠨ ᠬᠤᠪᠢᠰ ᠤᠨ ᠲᠠᠭᠤ ᠨᠢ ᠶᠡᠭᠡ | ᠪᠦᠭᠡᠳ ᠴᠡᠭᠡᠯᠭᠡᠨ ᠬᠠᠩᠬᠢᠨᠠᠮ᠎ᠠ᠂ ᠲᠠᠭᠤᠨ ᠤ ᠲᠤᠳᠤᠯᠢᠭ ᠴᠢᠨᠠᠷ ᠪᠠ ᠬᠡᠪᠴᠢᠶ᠎ᠡ ᠨᠢ ᠨᠡᠯᠢᠶᠡᠳ ᠦᠷᠭᠡᠨ ᠪᠦᠭᠡᠳ ᠪᠠᠶᠠᠯᠢᠭ᠂ ᠢᠯᠡᠳᠬᠡᠭᠦ ᠬᠦᠴᠦᠨ ᠢᠶᠠᠷ ᠪᠦᠷᠢᠨ | ᠲᠡᠭᠦᠯᠳᠡᠷ ᠭᠤᠴᠤᠯᠠᠨ ᠬᠦᠭᠵᠢᠮᠳᠡᠬᠦ᠂ ᠨᠠᠶᠢᠷᠠᠯ ᠬᠦᠭᠵᠢᠮᠳᠡᠯᠬᠡ᠂ ᠬᠠᠪᠰᠤᠷᠠᠯ ᠬᠦᠭᠵᠢᠮᠳᠡᠯᠬᠡ᠂ ᠴᠢᠪᠬᠠᠳᠠᠨ ᠲᠠᠭᠤᠯᠠᠬᠤ ᠵᠡᠷᠭᠡ ᠳᠤ ᠪᠦᠷ ᠬᠡᠷᠡᠭᠯᠡᠵᠤ ᠪᠤᠯᠳᠠᠭ᠃ | 1986 ᠤᠨ ᠳᠤ ︽ᠲᠤᠮᠳᠠᠳᠤ ᠤᠯᠤᠰ ᠤᠨ ᠴᠦᠭᠡᠨ ᠲᠤᠭᠠᠳᠤ ᠦᠨᠳᠦᠰᠦᠳᠡᠨ ᠤ ᠬᠦᠭᠵᠢᠮ ᠤᠨ ᠤᠶᠢᠯᠠᠯᠭ᠎ᠠ︾ ᠳᠤ ᠪᠢᠴᠭᠳᠡᠭᠰᠡᠨ ᠪᠠᠶᠢᠨ᠎ᠠ᠃ | 2007 ᠤᠨ ᠳᠤ ᠬᠤᠪᠢᠰ ᠨᠢ ᠦᠪᠡᠷᠳᠡᠬᠡᠨ ᠵᠠᠰᠠᠬᠤ ᠤᠷᠤᠨ ᠤ ᠲᠠᠰ ᠤᠨ ᠪᠤᠳᠠᠰ ᠤᠨ ᠪᠣᠰᠤ ᠰᠤᠶᠤᠯ ᠤᠨ ᠦᠪ ᠤᠨ ᠨᠠᠷᠡᠰ ᠲᠤ ᠵᠢᠭᠰᠠᠭᠠᠭᠳᠠᠪᠠ᠃ | 2008 ᠤᠨ ᠳᠤ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠠᠴᠠ ᠬᠦᠪᠡᠭᠡᠲᠦ ᠰᠢᠷ᠎ᠠ ᠬᠤᠰᠢᠭᠤ ᠶᠢ ︽ᠪᠦᠬᠦ ᠤᠷᠤᠨ ᠤ ᠠᠷᠠᠳ ᠤᠨ | ᠤᠷᠠᠯᠢᠭ ᠤᠨ ᠨᠤᠲᠤᠭ — ᠬᠤᠪᠢᠰ ᠤᠨ ᠦᠯᠦᠭᠡᠢ︾ ᠬᠡᠵᠤ ᠨᠡᠷᠡᠯᠡᠭᠰᠡᠨ ᠪᠦᠭᠡᠳ ᠲᠤᠮᠳᠠᠳᠤ ᠤᠯᠤᠰ ᠤᠨ ᠠᠷᠠᠳ ᠤᠨ ᠤᠳᠬ᠎ᠠ ᠤᠷᠠᠯᠢᠭᠴᠢᠳ ᠤᠨ ᠡᠪᠯᠡᠯ ᠠᠴᠠ | ᠲᠤᠮᠳᠠᠳᠤ ᠤᠯᠤᠰ ᠤᠨ ᠬᠤᠪᠢᠰ ᠬᠦᠭᠵᠢᠮ ᠤᠨ ᠤᠯᠠᠮᠵᠢᠯᠠᠯ ᠤᠨ ᠭᠠᠵᠠᠷ︾ ᠭᠡᠮᠡᠨ ᠨᠡᠷᠡᠶᠢᠳᠦᠭᠰᠡᠨ ᠪᠠᠶᠢᠨ᠎ᠠ᠃ | | |