ᠠᠷᠪᠠᠨ ᠵᠢᠷᠭᠤᠳᠤᠭᠠᠷ ᠵᠠᠭᠤᠨ ᠤ ᠦᠶ᠎ᠡ ᠪᠠᠷ ᠰᠢᠷ᠎ᠠ ᠶᠢᠨ ᠱᠠᠰᠢᠨ ᠲᠦᠪᠡᠳ ᠠᠴᠠ ᠤᠷᠤᠵᠤ ᠢᠷᠡᠬᠦ ᠶᠢ ᠲᠠᠭᠠᠯᠳᠤᠨ ᠴᠠᠮ ᠨᠢ ᠮᠤᠩᠭᠤᠯ ᠤᠷᠤᠨ ᠳᠤ | ᠤᠯᠠᠮᠵᠢᠭᠳᠠᠨ ᠢᠷᠡᠭᠰᠡᠨ ᠪᠠᠶᠢᠨ᠎ᠠ᠃ | ᠴᠠᠮ ᠪᠤᠯ ᠱᠠᠰᠢᠨ ᠰᠤᠷᠳᠠᠬᠤᠨ᠂ ᠪᠤᠷᠬᠠᠨ ᠤ ᠦᠯᠢᠭᠡᠷ᠂ ᠨᠣᠮ ᠰᠤᠳᠤᠷ ᠢ ᠦᠭᠦᠯᠡᠨ ᠲᠤᠭᠯᠠᠭᠰᠠᠨ ᠪᠠᠭᠳᠤ ᠪᠦᠵᠢᠭ ᠶᠤᠮ᠃ ᠤᠷᠳᠤ ᠤᠳᠠᠭᠠᠨ | ᠬᠤᠪᠢᠰᠤᠯ ᠬᠦᠭᠵᠢᠯ᠂ ᠤᠯᠠᠮᠵᠢᠯᠡᠯ ᠤᠨ ᠲᠤᠮᠳᠠ ᠮᠤᠩᠭᠤᠯ ᠤᠨ ᠱᠠᠰᠢᠨ ᠰᠢᠳᠤᠯᠭᠡ᠂ ᠰᠤᠶᠤᠯ ᠤᠷᠠᠯᠢᠭ᠂ ᠠᠵᠤ ᠠᠮᠢᠳᠤᠷᠠᠯ᠂ ᠵᠠᠩ ᠲᠠᠳᠬᠠᠯ ᠤᠨ ᠨᠦᠯᠦᠭᠡ ᠶᠢ | ᠬᠦᠷᠳᠡᠵᠤ᠂ ᠦᠪᠡᠷᠮᠢᠴᠡ ᠣᠨᠴᠠᠯᠢᠭ ᠪᠦᠬᠦᠢ ᠪᠡᠶ᠎ᠡ ᠪᠠᠨ ᠲᠠᠭᠠᠭᠠᠭᠰᠠᠨ ᠮᠤᠩᠭᠤᠯ ᠴᠠᠮ ᠪᠦᠵᠢᠭ ᠤᠨ ᠬᠡᠯᠪᠡᠷᠢ ᠪᠤᠯᠤᠨ ᠭᠦᠭᠵᠢᠭᠰᠡᠨ ᠶᠤᠮ᠃ | ᠴᠠᠮ ᠢ ︽ᠶᠡᠭᠡ ᠴᠠᠮ︾ ︽ᠪᠠᠭ᠎ᠠ ᠴᠠᠮ︾ ᠭᠡᠵᠤ ᠬᠤᠪᠢᠶᠠᠳᠠᠭ ᠪᠦᠭᠡᠳ ᠪᠠᠷᠢᠮᠵᠢᠶᠡᠳᠤ ᠴᠠᠮ ᠠᠴᠠ ᠭᠠᠳᠠᠨ᠎ᠠ ᠲᠠᠭᠤᠯᠠᠯᠳᠤ ᠵᠦᠴᠦᠭᠡ᠂ ᠶᠠᠷᠢᠶᠠᠳᠤ | ᠵᠦᠴᠦᠭᠡ᠂ ᠦᠯᠢᠭᠡᠷᠲᠤ ᠴᠠᠮ ᠵᠡᠷᠭᠡ ᠤᠯᠠᠨ ᠲᠦᠷᠦᠯ ᠵᠦᠢᠯ ᠪᠠᠶᠢᠳᠠᠭ᠃ 1957 ᠤᠨ ᠠᠴᠠ ᠡᠮᠦᠨ᠎ᠡ ᠬᠦᠪᠡᠭᠡᠲᠦ ᠰᠢᠷ᠎ᠠ ᠬᠤᠰᠢᠭᠤᠨ ᠤ ᠠᠷᠪᠠᠨ ᠬᠡᠳᠦᠨ | ᠰᠦᠮ᠎ᠡ ᠨᠢ ᠪᠦᠷ ᠲᠤᠭᠳᠠᠭᠰᠠᠨ ᠡᠳᠦᠷ ᠴᠠᠮ ᠴᠠᠮᠨᠠᠳᠠᠭ ᠪᠦᠭᠡᠳ ᠶᠡᠷᠦᠩᠭᠡᠢ ᠳᠡᠭᠡᠨ ᠵᠢᠯ ᠪᠦᠷᠢ ᠶᠢᠨ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠠᠷᠪᠠᠨ ᠲᠠᠪᠤᠨ | ᠪᠤᠯᠤᠨ ᠵᠢᠷᠭᠤᠭᠠᠨ ᠰᠠᠷ᠎ᠠ ᠶᠢᠨ ᠠᠷᠪᠠᠨ ᠲᠠᠪᠤᠨ ᠳᠤ ᠴᠠᠮᠨᠠᠳᠠᠭ ᠪᠠᠶᠢᠵᠠᠢ᠃ ᠭᠦᠷᠦ ᠲᠠᠭᠤᠤ ︽ᠰᠠᠷᠠᠨ ᠭᠦᠭᠦᠭᠡ ᠶᠢᠨ ᠲᠠᠭᠤᠯᠠᠯ︾᠂ ︽ᠮᠢᠯᠠ ᠶᠢᠨ ᠨᠠᠮᠳᠠᠷ︾ | ᠵᠡᠷᠭᠡ ᠲᠦᠪᠡᠳ ᠤᠷᠤᠨ ᠤ ᠲᠤᠮᠤ ᠬᠡᠯᠪᠡᠷᠢ ᠶᠢᠨ ᠲᠠᠭᠤᠯᠠᠯᠳᠤ ᠵᠦᠴᠦᠭᠡ ᠶᠢ ᠪᠠᠰᠠ ᠲᠤᠭᠯᠠᠵᠤ ᠪᠠᠶᠢᠭᠰᠠᠨ ᠭᠡᠳᠡᠭ᠃ | ᠴᠠᠮ ᠴᠠᠮᠨᠠᠬᠤ ᠳᠤ ᠬᠡᠳᠦᠨ ᠠᠴᠠ ᠵᠠᠭᠤᠭᠠᠳ ᠬᠦᠮᠦᠨ ᠤᠷᠤᠯᠴᠠᠵᠤ ᠪᠤᠯᠳᠠᠭ᠃ 1981 ᠤᠨ ᠳᠤ ᠦᠪᠦᠷ ᠮᠤᠩᠭᠤᠯ ᠤᠨ ᠤᠷᠠᠯᠢᠭ ᠰᠤᠳᠤᠯᠤᠯ ᠤᠨ | ᠭᠠᠵᠠᠷ ᠤᠨ ᠬᠢᠨ ᠮᠠᠨ ᠤ ᠬᠤᠰᠢᠭᠤᠨ ᠳᠤ ᠢᠷᠡᠵᠤ᠂ ᠴᠠᠮ ᠤᠨ ᠲᠤᠬᠠᠢ ᠲᠠᠢ ᠪᠠᠶᠢᠴᠠᠭᠠᠯᠳᠠ ᠬᠢᠭᠰᠡᠨ ᠤ ᠬᠠᠮᠳᠤ ᠪᠤᠯᠪᠠᠰᠤᠷᠠᠯ ᠤᠨ ᠠᠩᠬᠢ ᠶᠢ ᠬᠠᠮᠳᠤᠷᠠᠨ ᠡᠷᠬᠢᠯᠡᠵᠤ | ᠦᠩᠭᠡᠷᠡᠪᠡ᠃ 2007 ᠤᠨ ᠳᠤ ᠤᠷᠤᠨ ᠤ ᠲᠠᠰ ᠤᠨ ᠴᠠᠮ ᠪᠦᠵᠢᠭ ᠤᠨ ᠦᠪᠯᠡᠨ ᠤᠯᠠᠮᠵᠢᠯᠠᠭᠴᠢ ᠰᠤ᠂ ᠲᠤᠷᠵᠢᠵᠠᠪ ᠬᠠᠶ᠋ᠢᠩᠬᠢᠷᠸ᠎ᠠ ᠰᠦᠮ᠎ᠡ ᠶᠢᠨ ᠴᠠᠮ ᠢ ᠲᠠᠬᠢᠨ | ᠲᠢᠭᠯᠡᠨ ᠨᠠᠶᠢᠷᠠᠭᠤᠯᠵᠤ᠂ ᠴᠠᠮ ᠤᠨ ᠬᠤᠪᠴᠠᠰᠤ ᠵᠠᠰᠠᠯ᠂ ᠪᠠᠭ ᠢ ᠤᠷᠠᠯᠠᠨ ᠦᠢᠯᠡᠳᠦᠭᠡᠳ᠂ ᠠᠷᠪᠠᠳᠤᠭᠠᠷ ᠤᠳᠠᠭᠠᠨ ᠤ ᠨᠠᠭᠠᠳᠤᠮ ᠤᠨ ᠶᠡᠭᠡ ᠬᠤᠷᠠᠯ ᠲᠡᠭᠡᠷ᠎ᠡ ᠤᠯᠠᠨ | ᠪᠦᠭᠦᠳᠡ ᠶᠢᠨ ᠬᠦᠷᠢᠶᠡᠯᠡᠯ ᠢ ᠤᠯᠵᠠᠢ᠃ 2008 ᠤᠨ ᠳᠤ ᠴᠠᠮ ᠨᠢ ᠦᠪᠡᠷᠳᠡᠭᠡᠨ ᠵᠠᠰᠠᠬᠤ ᠤᠷᠤᠨ ᠤ ᠲᠠᠰ ᠤᠨ ᠪᠤᠳᠠᠰ ᠤᠨ ᠪᠣᠰᠤ ᠰᠤᠶᠤᠯ ᠤᠨ ᠦᠪ ᠤᠨ | ᠨᠠᠷᠡᠰ ᠲᠤ ᠵᠢᠭᠰᠠᠭᠠᠭᠳᠠᠭᠰᠠᠨ ᠪᠠᠶᠢᠨ᠎ᠠ᠃ |