ᠪᠤᠷᠤᠭᠠᠨ ᠤ ᠠᠨᠢᠷ
ᠨᠡᠶᠢᠲᠡᠯᠡᠭᠰᠡᠨ ᠴᠠᠭ᠄
2024/12/16
        ᠤᠰᠤᠨ ᠰᠠᠪᠠ ᠱᠠᠯ ᠭᠦᠯᠦᠷᠡᠴᠢᠭᠡᠵᠣ        ᠠᠭᠤᠯᠠᠰ ᠤᠨ ᠴᠡᠩᠬᠡᠷ ᠤᠨᠢᠶᠠᠷ ᠠᠴᠠ ᠴᠢᠬᠢᠭ ᠦᠨᠤᠷᠳᠤᠨ᠎ᠡ        ᠦᠨᠡᠨ ᠬᠤᠳᠡᠯ ᠤᠨ ᠵᠠᠭᠠᠭ ᠲᠡᠭᠡᠷ᠎ᠡ ᠴᠡᠴᠡᠭᠡᠰ ᠭᠠᠩᠬᠤᠨ᠎ᠠ        ᠭᠠᠵᠠᠷ ᠡᠯᠢᠭᠡᠳᠡᠵᠤ ᠨᠢᠰᠤᠯᠳᠤᠬᠦ ᠰᠢᠪᠠᠭᠤᠳ ᠤᠨ ᠵᠢᠭᠦᠷ        ᠭᠠᠩ ᠲᠠᠢ ᠤᠰᠤᠨ ᠳᠤ ᠲᠦᠷᠦᠭᠡᠳ ᠠᠪᠤᠭᠰᠠᠨ ᠶᠤᠮ ᠰᠢᠭ        ᠬᠦᠨᠳᠤ ᠮᠦᠷᠳᠡᠭᠡᠨ ᠬᠦᠩᠬᠡᠨ ᠁        ᠴᠢᠬᠢᠭ ᠵᠠᠭᠤᠭᠰᠠᠨ ᠰᠠᠯᠬᠢ        ᠴᠡᠴᠡᠭ ᠤᠨ ᠠᠶᠠᠯᠭᠤ ᠲᠠᠢ ᠪᠤᠶᠢᠯᠠᠨ᠎ᠠ        ᠠᠯᠠᠭ ᠰᠢᠭᠦᠷ ᠤᠨ ᠲᠤᠤᠷ᠎ᠠ ᠠᠮᠠᠷᠠᠭ ᠵᠤᠭᠤᠭ ᠵᠦᠰᠡᠷᠡᠨ᠎ᠡ        ᠲᠠᠯ᠎ᠠ ᠳᠤ ᠲᠤᠭᠤᠷᠤᠤ ᠴᠠᠮᠨᠠᠵᠤ ᠲᠡᠭᠷᠢ ᠳᠤ ᠡᠭᠦᠯᠡ ᠬᠤᠷᠡᠯᠳᠤᠨ᠎ᠡ        ᠰᠢᠷᠭᠤᠯᠵᠢ ᠲᠡᠪᠵᠢᠶᠡᠨ ᠪᠤᠯᠤᠯᠴᠠᠬᠤ ᠨᠢ        ᠰᠢᠯᠦᠭ ᠤᠨ ᠰᠡᠷᠡᠯ ᠢᠷᠡᠬᠦ‍ ᠰᠢᠭ        ᠲᠠᠯᠠᠩ ᠲᠠᠢ ᠠᠷᠭᠠᠯ ᠴᠢᠭᠢᠭᠳᠦᠵᠤ        ᠲᠡᠪᠤᠷ᠎ᠡ ᠲᠠᠢ ᠴᠠᠢ ᠤᠳᠠᠳᠠᠯ᠎ᠠ ᠱᠠᠷᠴᠢᠭᠢᠨᠠᠨ᠎ᠠ        ᠲᠠᠪᠤᠰᠤ ᠬᠦᠯᠢᠶᠡᠵᠤ ᠶᠠᠳᠡᠨ ᠬᠦᠯᠤᠷᠡᠨ᠎ᠡ        ᠦᠵᠡᠰᠭᠦᠯᠡᠩᠳᠤ ᠰᠤᠯᠤᠩᠭ᠎ᠠ ᠶᠢ ᠪᠡᠯᠭᠡᠰᠢᠶᠡᠵᠤ        ᠦᠰᠪᠦᠷᠢ ᠶᠢᠨ ᠬᠡᠤᠬᠡᠳ ᠠᠯᠴᠢᠭᠤᠷ ᠬᠠᠶᠠᠵᠤ ᠲᠤᠭᠯᠠᠨ᠎ᠠ        ᠠᠶᠠᠰ ᠤᠨ ᠰᠠᠯᠬᠢ        ᠠᠯᠴᠢᠭᠤᠷ ᠤᠨ ᠦᠵᠦᠭᠦᠷ ᠲᠤ ᠲᠡᠷᠪᠡᠰᠭᠢᠨ᠎ᠡ        ᠤᠪᠤᠭᠠᠨ ᠴᠢᠯᠠᠭᠤᠳ ᠲᠡᠪᠵᠢᠶᠡᠷᠡᠵᠤ        ᠤᠶᠠᠩᠭ᠎ᠠ ᠶᠢᠨ ᠦᠩᠭᠡ ᠪᠠᠷ ᠴᠡᠩᠬᠡᠷᠯᠡᠨ᠎ᠡ᠂        ᠭᠠᠩ ᠬᠠᠭᠤᠷᠠᠢ ᠪᠢᠯᠢᠭ ᠤᠨ        ᠠᠷᠪᠡᠨ ᠭᠤᠷᠪᠠᠨ ᠢ ᠬᠡᠳᠤᠷᠡᠳᠡᠭ ᠦᠭᠡᠢ        ᠴᠢᠳᠤᠷ ᠤᠨ ᠰᠤᠮᠤ ᠲᠠᠯᠪᠢᠭᠳᠠᠵᠤ        ᠮᠤᠷᠢᠨ ᠤ ᠬᠦᠯ ᠠᠮᠠᠷᠠᠰᠭᠢᠨ᠎ᠡ        ᠮᠤᠩᠭᠤᠯ ᠨᠤᠳᠤᠭ ᠤᠨ        ᠮᠤᠷᠢᠳᠠᠢ ᠪᠤᠷᠤᠭᠠᠨ ᠢᠷᠡᠬᠦ ᠨᠢ ᠡ︕        ᠨᠠᠢᠮᠡᠨ ᠭᠠᠨᠵᠤᠭ᠎ᠠ ᠲᠡᠷᠪᠡᠰᠭᠢᠵᠤ᠂ ᠨᠠᠶᠢᠷᠠᠭᠴᠢ ᠡᠪᠤᠭᠡᠨ        ᠨᠠᠷᠡᠨ ᠤ ᠪᠤᠷᠤᠭᠠᠨ ᠳᠤ        ᠰᠢᠭᠦᠷ ᠢᠶᠠᠨ ᠲᠡᠯᠭᠡᠬᠦ ᠵᠠᠪ ᠦᠭᠡᠢ        ᠰᠢᠭᠦᠷ ᠤᠨ ᠲᠤᠤᠷ᠎ᠠ ᠰᠢᠯᠦᠭ ᠪᠤᠳᠤᠵᠤ ᠵᠤᠭᠰᠤᠬᠤᠢ ᠳᠤ        ᠤᠨᠵᠢᠯᠭ᠎ᠠ ᠨᠢ ᠲᠠᠰᠤᠷᠠᠭᠰᠠᠨ ᠰᠤᠪᠤᠳ ᠤᠨ ᠮᠦᠭᠦᠯᠢᠭ ᠰᠢᠭ        ᠪᠤᠷᠤᠭᠠᠨ ᠤ ᠲᠤᠰᠤᠯ ᠨᠠᠮ᠎ᠠ ᠶᠢ ᠭᠤᠯᠳᠤ ᠪᠠᠷ ᠤᠩᠰᠢᠨ᠎ᠡ᠃   
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ