ᠬᠡᠶᠢᠮᠣᠷᠢ ᠳᠠᠯᠠᠯᠤᠭᠰᠠᠨ 2024 ᠣᠨ
ᠨᠡᠶᠢᠲᠡᠯᠡᠭᠰᠡᠨ ᠴᠠᠭ᠄
2024/12/16
                                      ᠵᠣᠬᠢᠶᠠᠭᠴᠢ᠄ ᠦ᠋ ᠵᠧᠩ ᠶᠤᠸᠠᠢᠲᠦᠷᠪᠡᠨ ᠥᠨᠳᠥᠷ ᠢ ᠥᠭᠰᠥᠵᠦ ᠳᠡᠯᠭᠡᠷᠡᠬᠦ ᠶᠢᠨ ᠵᠠᠶᠠᠭ᠎ᠠ ᠲᠠᠢ ᠢᠷᠡᠯ᠎ᠡ ᠲᠠᠶᠢᠪᠤᠩ ᠠᠮᠤᠭᠤᠯᠠᠩ ᠢ ᠵᠥᠩᠨᠡᠵᠦ ᠲᠡᠷᠭᠡᠯᠰᠢᠬᠦ ᠶᠢᠨ ᠬᠦᠰᠡᠯ ᠲᠠᠢ ᠢᠷᠡᠯ᠎ᠡ   2024 ᠣᠨ — ᠬᠡᠶᠢᠮᠣᠷᠢ ᠳᠠᠯᠠᠯᠤᠭᠰᠠᠨ ᠰᠢᠨ᠎ᠡ ᠣᠨ ᠨᠠᠷᠠ ᠣᠶᠢᠷᠠᠬᠠᠨ ᠨᠤᠲᠤᠭ ᠤᠨ ᠮᠢᠨᠢ ᠨᠣᠶᠠᠨ ᠰᠠᠷᠢᠳᠠᠭ ᠥᠨᠳᠡᠯᠵᠡᠯ᠎ᠡ ᠨᠠᠷᠢᠨ ᠭᠤᠣᠯ ᠤᠨ ᠮᠢᠨᠢ ᠤᠷᠤᠰᠬᠠᠯ ᠮᠥᠰᠥ ᠪᠠᠨ ᠢᠰᠬᠦᠯᠵᠦ ᠱᠤᠤᠭᠢᠯ᠎ᠠ   2024 ᠣᠨ — ᠬᠡᠰᠢᠭ ᠬᠤᠷᠦ᠋ᠢᠯᠠᠭᠰᠠᠨ ᠰᠢᠨ᠎ᠡ ᠣᠨ ᠤᠷᠠᠨ ᠰᠢᠪᠠᠭᠤᠳ ᠤᠨ ᠵᠢᠷᠭᠢᠭᠡᠭᠡ ᠤᠢ ᠪᠠᠨ ᠲᠠᠶᠢᠳᠬᠤᠷᠠᠲᠠᠯ᠎ᠠ ᠤᠶᠠᠩᠭᠠᠷᠠᠯ᠎ᠠ ᠤᠷᠢᠨ ᠴᠠᠭ ᠢ ᠵᠡᠭᠦᠳᠦᠯᠡᠭᠰᠡᠨ ᠦᠨᠳᠦᠰᠦ ᠪᠦᠭᠦᠨ ᠰᠡᠷᠡᠯ᠎ᠡ   2024 ᠣᠨ — ᠬᠥᠭᠵᠢᠯ ᠤᠨ ᠰᠤᠪᠢᠩ ᠲᠠᠢ ᠰᠢᠨ᠎ᠡ ᠣᠨ ᠬᠤᠶᠢᠲᠤ ᠨᠠᠭᠤᠷ ᠤᠨ ᠵᠢᠭᠠᠰᠤ ᠥᠭᠡᠳᠡ ᠪᠠᠨ ᠴᠣᠯᠭᠢᠵᠤ ᠡᠬᠢᠯᠡᠯ᠎ᠡ ᠬᠤᠵᠢᠷᠲᠤ ᠶᠢᠨ ᠴᠢᠯᠠᠭᠤᠨ ᠣᠪᠣᠭ᠎ᠠ ᠤᠨᠠᠭᠠᠨ ᠤ ᠪᠠᠨ ᠦᠦᠷᠰᠡᠭᠡᠨ ᠳᠤ ᠥᠨᠳᠡᠯᠵᠡᠯ᠎ᠡ   2024 ᠣᠨ — ᠪᠠᠶᠠᠷ ᠪᠠᠭ᠋ᠠᠳᠤᠯ ᠲᠠᠢ ᠰᠢᠨ᠎ᠡ ᠣᠨ ᠰᠠᠴᠤᠯᠢ ᠡᠷᠭᠦᠭᠰᠡᠨ ᠡᠮᠡᠭᠡ ᠶᠢᠨ ᠰᠦᠵᠢᠭ ᠨᠢ ᠭᠡᠷᠡᠯ ᠳᠤ ᠠᠭᠤᠰᠤᠯ᠎ᠠ ᠰᠠᠷᠬᠤᠳ ᠢᠳᠡᠮᠯᠡᠭᠰᠡᠨ ᠡᠪᠦᠭᠡ ᠶᠢᠨ ᠰᠠᠨᠠᠭ᠎ᠠ ᠨᠢ ᠵᠢᠷᠦᠬᠡᠨ ᠳᠤ ᠰᠢᠩᠭᠡᠯ᠎ᠡ   2024 ᠣᠨ — ᠪᠡᠯᠭᠡ ᠳᠡᠮᠪᠡᠷᠢᠯ ᠲᠠᠢ ᠰᠢᠨ᠎ᠡ ᠣᠨ ᠤᠷᠳᠤ ᠶᠢᠨ ᠳᠠᠭᠤᠤ ᠶᠢᠨ ᠰᠢᠷᠤᠩᠬᠠᠢ ᠬᠤᠳᠠ ᠤᠰᠤ ᠶᠢ ᠪᠠᠶᠠᠰᠬᠠᠯ᠎ᠠ ᠥᠰᠪᠦᠷᠢ ᠶᠢᠨ ᠬᠡᠦᠬᠡᠳ ᠤᠨ ᠢᠨᠢᠶᠡᠳᠦ ᠣᠭᠲᠠᠷᠭᠤᠢ ᠶᠢᠨ ᠲᠠᠩᠨᠠᠢ ᠳᠤ ᠬᠦᠩᠭᠢᠨᠡᠯ᠎ᠡ   2024 ᠣᠨ — ᠠᠵᠠ ᠵᠢᠷᠭᠠᠯ ᠲᠠᠢ ᠰᠢᠨ᠎ᠡ ᠣᠨ
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ