ᠦᠬᠡ᠄ ᠮᠧᠩ ᠰᠦᠩ ᠯᠢᠨ᠂ ᠨᠢ᠊᠂ ᠪᠠᠶᠠᠷ | ᠠᠶ᠎ᠠ᠄ ᠵᠠᠩᠴᠢᠨᠨᠣᠷᠪᠤ ︵ᠮᠣᠩᠭᠤᠯ ᠤᠯᠤᠰ︶ | ᠳᠠᠭᠤᠴᠢᠨ᠄ ᠠᠯᠲᠠᠨᠵᠠᠭᠠᠨ᠂ ᠪᠣᠯᠣᠷᠮ᠎ᠠ᠂ ᠠᠩᠭᠢᠷ᠂ ᠠᠭᠠᠷᠰᠠᠶᠢᠬᠠᠨ᠂ ᠬᠦᠷᠡᠯᠡ | ᠨᠠᠷᠠᠨ ᠰᠠᠷᠠᠨ ᠨᠠᠭᠠᠳᠤᠭᠤᠯᠤᠭᠰᠠᠨ ᠴᠡᠯᠮᠡᠭ ᠬᠦᠬᠡ ᠲᠡᠭᠷᠢ ᠮᠢᠨᠢ | ᠨᠠᠰᠢ ᠴᠠᠰᠢ ᠨᠡᠬᠦᠭᠰᠡᠨ ᠬᠦᠪᠤᠩ ᠴᠠᠭᠠᠨ ᠡᠬᠦᠯᠡᠰ ᠮᠢᠨᠢ | ᠵᠢᠭᠠᠰᠣ ᠵᠢᠷᠠᠬᠠᠢ ᠨᠢ ᠢᠷᠠᠯᠵᠠᠭᠰᠠᠨ ᠭᠤᠤᠯ ᠭᠤᠷᠤᠬ᠎ᠠ ᠤᠰᠤ ᠮᠢᠨᠢ | ᠭᠠᠯᠠᠭᠤ ᠰᠢᠪᠠᠭᠤ ᠨᠢ ᠭᠠᠩᠭᠠᠨᠠᠭᠰᠠᠨ ᠨᠠᠭᠤᠷ ᠪᠦᠷᠢᠳᠤ ᠨᠤᠭᠤ ᠨᠤᠭᠤᠳ ᠮᠢᠨᠢ | ᠠᠳᠤᠭᠤ ᠮᠠᠯ ᠨᠢ ᠠᠯᠠᠭᠯᠠᠭᠰᠠᠨ ᠬᠠᠷᠠᠭ᠎ᠠ ᠠᠯᠳᠠᠮ᠎ᠠ ᠲᠠᠯ᠎ᠠ ᠮᠢᠨᠢ | ᠠᠩ ᠬᠦᠷᠦᠬᠡ ᠨᠢ ᠰᠦᠯᠵᠢᠯᠳᠦᠭᠰᠡᠨ ᠠᠭᠯᠠᠭ ᠬᠢᠩᠭᠠᠨ ᠤ ᠨᠢᠷᠦᠭᠤ ᠮᠢᠨᠢ | ᠠᠪᠤ ᠶᠢᠨ ᠨᠥᠮᠥᠷᠢ ᠳᠤ ᠦᠨᠳᠡᠶᠢᠭᠰᠡᠨ ᠠᠯᠳᠠᠨ ᠤᠷᠤᠭ ᠤᠨ ᠨᠤᠳᠤᠭ ᠮᠢᠨᠢ | ᠡᠵᠢ ᠶᠢᠨ ᠡᠩᠭᠡᠷ ᠲᠤ ᠢᠪᠡᠭᠡᠭᠳᠡᠭᠰᠡᠨ ᠡᠨᠡ ᠯᠠ ᠨᠠᠰᠣᠨ ᠤ ᠵᠠᠶᠠᠭ᠎ᠠ ᠮᠢᠨᠢ | ᠨᠠ ᠶᠧ ᠨᠠ ᠶᠧ ᠮᠢᠨᠤ ᠬᠦᠯᠦᠨ ᠪᠤᠶᠢᠷ | ᠨᠠ ᠶᠧ ᠨᠠ ᠶᠧ ᠮᠢᠨᠤ ᠬᠦᠯᠦᠨ ᠪᠤᠶᠢᠷ ᠮᠢᠨᠤ ᠠᠮᠢᠨ ᠰᠠᠬᠢᠶ᠎ᠠ | ᠪᠠᠷᠭᠤ ᠶᠢᠨ ᠤᠷᠳᠤ ᠶᠢᠨ ᠲᠠᠭᠤᠤ ᠪᠠᠷ ᠠᠯᠤᠩᠭᠤᠸ᠎ᠠ ᠶᠢᠨ ᠲᠤᠮᠤᠭ ᠰᠤᠨᠤᠰᠳᠠᠨ᠎ᠠ | ᠤᠯᠭᠤᠶᠠ ᠶᠢᠨ ᠪᠤᠭᠤ ᠶᠢᠨ ᠤᠷᠦ᠋ᠢᠸᠠᠨ ᠢᠶᠠᠷ ᠪᠦᠬᠡ ᠶᠢᠨ ᠬᠡᠩᠬᠡᠷᠭᠡ ᠨᠢᠵᠢᠬᠢᠨᠠᠨᠠ | ᠭᠠᠶᠢᠬᠠᠮ᠎ᠠ ᠶᠤᠬᠤᠷ ᠤᠨ ᠠᠶᠠᠰ ᠢᠶᠠᠷ ᠪᠤᠷᠢᠶᠠᠳ ᠤᠨ ᠨᠡᠬᠦᠳᠡᠯ ᠬᠠᠳᠠᠷᠢᠨᠠ | ᠭᠠᠩᠭᠠᠩ ᠰᠠᠪᠠᠷᠳᠠᠨ ᠪᠦᠵᠢᠭ ᠢᠶᠠᠷ ᠨᠢ ᠦᠬᠡᠯᠡᠳ ᠤᠨ ᠲᠡᠤᠬᠡ ᠨᠢ ᠲᠤᠳᠤᠷᠠᠨ᠎ᠠ | ᠲᠠᠭᠤᠷ ᠤᠨ ᠡᠬᠡᠰᠢᠭᠯᠡᠩᠳᠤ ᠮᠦᠺᠦᠯᠢᠶᠠᠨ ᠢᠶᠠᠷ ᠨᠤᠨ ᠮᠦᠷᠡᠨ ᠮᠠᠯᠳᠠᠯᠵᠡᠨᠠ | ᠤᠷᠴᠤᠨ ᠤ ᠵᠠᠨᠳᠠᠷᠠᠨ ᠤ ᠠᠶᠠᠯᠭᠤ ᠪᠠᠷ ᠢᠯᠢ ᠬᠤᠷᠢᠭ ᠴᠤᠤᠷᠢᠶᠠᠳᠤᠨ᠎ᠠ | ᠰᠧᠪᠵᠡᠨ ᠨᠠᠭᠠᠳᠤᠮ ᠤᠨ ᠬᠦᠭ ᠢᠶᠠᠷ ᠡᠸᠡᠩᠬᠢ ᠶᠢᠨ ᠲᠠᠯ᠎ᠠ ᠨᠢ ᠲᠤᠭᠳᠤᠯᠤᠨ᠎ᠠ | ᠡᠷᠬᠦᠨ᠎ᠠ ᠶᠢᠨ ᠠᠭᠤᠳᠠᠮ ᠬᠦᠨᠳᠠᠢ ᠪᠠᠷ ᠪᠠᠱᠺᠠ ᠨᠠᠶᠢᠷ ᠨᠢ ᠬᠥᠭᠵᠢᠯᠳᠦᠨ᠎ᠡ | ᠨᠠ ᠶᠧ ᠨᠠ ᠶᠧ ᠮᠢᠨᠤ ᠬᠦᠯᠦᠨ ᠪᠤᠶᠢᠷ | ᠨᠠ ᠶᠧ ᠨᠠ ᠶᠧ ᠮᠢᠨᠤ ᠬᠦᠯᠦᠨ ᠪᠤᠶᠢᠷ ᠮᠢᠨᠤ ᠠᠮᠢᠨ ᠰᠠᠬᠢᠶ᠎ᠠ | ᠬᠤᠪᠢᠯᠭᠠᠨ ᠬᠠᠪᠴᠢᠯ ᠤᠨ ᠡᠩᠭᠡᠷ ᠢᠶᠠᠷ ᠬᠠᠷᠠᠪᠤᠷ ᠴᠡᠴᠡᠭ ᠨᠢ ᠤᠯᠠᠯᠵᠠᠨ᠎ᠠ | ᠬᠦᠯᠦᠨ ᠤ ᠰᠡᠷᠮᠡᠬᠦᠨ ᠲᠠᠨᠵᠢ ᠠᠴᠠ ᠨᠢ ᠪᠠᠷᠭᠤ ᠶᠢᠨ ᠲᠠᠯ᠎ᠠ ᠨᠢ ᠴᠡᠩᠭᠡᠷᠳᠤᠨᠠ | ᠶᠠᠯᠤ ᠭᠤᠤᠯ ᠤᠨ ᠬᠦᠪᠡᠭᠡ ᠪᠠᠷ ᠬᠤᠰᠤᠨ ᠰᠢᠭᠤᠢ ᠨᠢ ᠠᠯᠳᠠᠷᠠᠨ᠎ᠠ | ᠮᠣᠷᠢᠳᠠᠭᠠ ᠠᠭᠤᠯᠠ ᠶᠢᠨ ᠤᠷᠤᠢ ᠪᠠᠷ ᠮᠦᠩᠬᠦᠨ ᠵᠡᠷᠬᠡᠯᠬᠡᠨ ᠬᠦᠬᠡᠴᠡᠯᠳᠤᠨᠠ | ᠨᠠ ᠶᠧ ᠨᠠ ᠶᠧ ᠮᠢᠨᠤ ᠬᠦᠯᠦᠨ ᠪᠤᠶᠢᠷ | ᠨᠠ ᠶᠧ ᠨᠠ ᠶᠧ ᠮᠢᠨᠤ ᠬᠦᠯᠦᠨ ᠪᠤᠶᠢᠷ ᠮᠢᠨᠤ ᠠᠮᠢᠨ ᠰᠠᠬᠢᠶ᠎ᠠ | ᠨᠠ ᠶᠧ ᠨᠠ ᠶᠧ ᠮᠢᠨᠤ ᠬᠦᠯᠦᠨ ᠪᠤᠶᠢᠷ | ᠨᠠ ᠶᠧ ᠨᠠ ᠶᠧ ᠮᠢᠨᠤ ᠬᠦᠯᠦᠨ ᠪᠤᠶᠢᠷ ᠮᠢᠨᠦ ᠮᠦᠩᠬᠡ ᠶᠢᠨ ᠦᠯᠦᠭᠡᠢ | |