ᠦᠭᠡ᠄ ᠰᠡᠯᠡᠩᠭᠡ | ᠠᠶ᠎ᠠ᠄ ᠪᠢᠯᠢᠭᠲᠦ ︵ᠮᠣᠩᠭᠤᠯ︶ | ᠳᠠᠭᠤᠴᠢᠨ᠄ ᠬᠦᠷᠡᠯᠪᠠᠭᠠᠲᠤᠷ | ᠬᠥᠬᠡ ᠮᠥᠩᠭᠦᠨ ᠲᠡᠭᠷᠢ ᠨᠢ | ᠰᠣᠯᠣᠩᠭ᠎ᠠ ᠶᠢᠨ ᠡᠮᠵᠢᠶᠡᠷᠢ ᠲᠠᠢ | ᠬᠥᠪᠥᠩ ᠴᠠᠭᠠᠨ ᠡᠭᠦᠯᠡ ᠨᠢ | ᠲᠤᠯᠤᠩ ᠤᠨ ᠡᠮᠵᠢᠶᠡᠷᠢ ᠲᠠᠢ | ᠬᠥᠪᠴᠢᠨ ᠰᠠᠬᠤᠯᠢᠭ ᠣᠢ ᠨᠢ | ᠬᠦᠳᠠᠩ ᠤᠨ ᠡᠮᠵᠢᠶᠡᠷᠢ ᠲᠠᠢ | ᠬᠠᠩᠭᠠᠢ ᠶᠢᠨ ᠠᠭᠤᠯᠠᠰ ᠨᠢᠷᠤᠭᠤ ᠨᠢ | ᠵᠡᠷᠭᠡᠯᠭᠡᠨ ᠡᠮᠵᠢᠶᠡᠷᠢ ᠲᠠᠢ | ᠬᠥᠬᠡ ᠲᠥᠯᠥ ᠲᠠᠢ ᠲᠤᠯᠭ᠎ᠠ ᠨᠢ | ᠬᠡᠰᠢᠭ ᠤᠨ ᠡᠮᠵᠢᠶᠡᠷᠢ ᠲᠠᠢ | ᠬᠥᠷᠥᠰᠥᠲᠦ ᠠᠯᠲᠠᠨ ᠳᠡᠯᠡᠬᠡᠢ ᠨᠢ | ᠮᠣᠩᠭᠤᠯ ᠡᠮᠵᠢᠶᠡᠷᠢ ᠲᠠᠢ | | | ᠬᠥᠮᠥᠨ ᠠᠷᠠᠳ ᠤᠨ ᠵᠠᠩᠰᠢᠯ ᠨᠢ | ᠰᠦ ᠶᠢᠨ ᠡᠮᠵᠢᠶᠡᠷᠢ ᠲᠠᠢ | ᠬᠥᠯᠥᠭ ᠤᠨ ᠲᠤᠭᠤᠷᠠᠢ ᠶᠢᠨ ᠲᠣᠭᠤᠰᠣ ᠨᠢ | ᠬᠡᠶᠢᠮᠣᠷᠢ ᠶᠢᠨ ᠡᠮᠵᠢᠶᠡᠷᠢ ᠲᠠᠢ | ᠲᠡᠦᠬᠡ ᠪᠠᠨ ᠴᠢᠪᠬᠠᠳᠠᠭᠰᠠᠨ ᠬᠤᠭᠤᠷ ᠨᠢ | ᠬᠤᠰᠢᠶ᠎ᠠ ᠡᠮᠵᠢᠶᠡᠷᠢ ᠲᠠᠢ | ᠲᠡᠭᠷᠢᠯᠢᠭ ᠮᠣᠩᠭᠤᠯ ᠵᠠᠶᠠᠭ᠎ᠠ ᠨᠢ | ᠪᠣᠰᠤᠭ᠎ᠠ ᠡᠮᠵᠢᠶᠡᠷᠢ ᠲᠠᠢ | ᠬᠥᠬᠡ ᠲᠥᠯᠥ ᠲᠠᠢ ᠲᠤᠯᠭ᠎ᠠ ᠨᠢ | ᠬᠡᠰᠢᠭ ᠤᠨ ᠡᠮᠵᠢᠶᠡᠷᠢ ᠲᠠᠢ | ᠬᠥᠷᠥᠰᠥᠲᠦ ᠠᠯᠲᠠᠨ ᠳᠡᠯᠡᠬᠡᠢ ᠨᠢ | ᠮᠣᠩᠭᠤᠯ ᠡᠮᠵᠢᠶᠡᠷᠢ ᠲᠠᠢ |