ᠦᠬᠡ ᠠᠶ᠎ᠠ᠄ ᠨᠠ᠊᠂ ᠵᠠᠨᠴᠢᠨᠨᠤᠷᠪᠤ | ᠴᠡᠴᠡᠭᠮ᠎ᠠ᠂ ᠴᠢᠩᠭᠢᠰ ᠲᠠᠭᠤᠯᠠᠨ᠎ᠠ | ᠬᠠᠪᠤᠷ ᠤᠨ ᠰᠠᠯᠬᠢᠨ ᠰᠡᠪᠰᠡᠭᠡᠳ ᠪᠠᠶᠢᠨ᠎ᠠ | ᠬᠠᠶᠢᠷ᠎ᠠ ᠶᠢᠨ ᠰᠡᠳᠬᠢᠯ ᠳᠤ ᠰᠡᠩᠬᠢᠨᠡᠭᠡᠳ ᠪᠠᠶᠢᠨ᠎ᠠ | ᠬᠠᠶᠢᠷᠠᠲᠠᠢ ᠴᠢᠮ᠎ᠠ ᠳᠠᠭᠠᠨ ᠰᠢᠩᠭᠡᠮᠡᠷ ᠪᠠᠶᠢᠨ᠎ᠠ | ᠬᠠᠯᠠᠭᠤᠨ ᠡᠯᠢᠬᠡᠨ ᠳᠤ ᠬᠠᠯᠭᠢᠭᠠᠳ ᠪᠠᠶᠢᠨ᠎ᠠ | ᠠᠭᠤᠯᠠ ᠶᠢᠨ ᠤᠷᠥᠢ ᠳᠤ ᠭᠠᠷᠤᠮᠠᠷ ᠪᠠᠶᠢᠨ᠎ᠠ | ᠤᠴᠠᠷᠠᠭᠰᠠᠨ ᠴᠢᠮ᠎ᠠ ᠶᠠ ᠬᠠᠷᠠᠮᠠᠷ ᠪᠠᠶᠢᠨ᠎ᠠ | ᠠᠭᠤᠯᠵᠠᠬᠤ ᠶᠢᠨ ᠬᠦᠰᠡᠯᠡᠩ ᠠᠯᠳᠠᠷᠠᠯᠠ᠂ ᠬᠠᠷᠠᠮᠠᠷ ᠪᠠᠶᠢᠨ᠎ᠠ | | ᠵᠤᠮ ᠤ ᠨᠠᠷᠠᠨ ᠬᠠᠯᠠᠭᠤᠨ ᠪᠠᠶᠢᠨ᠎ᠠ | ᠵᠠᠭᠤᠷ᠎ᠠ ᠵᠠᠭᠤᠷᠠᠬᠠᠨ ᠡᠭᠡᠭᠡᠭᠡᠳ ᠪᠠᠶᠢᠨ᠎ᠠ | ᠵᠡᠭᠦᠳᠦᠨ ᠳᠡᠭᠡᠨ ᠴᠢᠮ᠎ᠠ ᠲᠠᠢ ᠬᠠᠨᠢᠰᠤᠭᠠᠳ ᠪᠠᠶᠢᠨ᠎ᠠ | ᠵᠢᠷᠦᠬᠡᠨ ᠳᠡᠭᠡᠨ ᠪᠢ ᠰᠢᠮᠰᠢᠷᠡᠭᠡᠳ ᠪᠠᠶᠢᠨ᠎ᠠ | ᠬᠤᠷᠸ᠎ᠠ ᠶᠢᠨ ᠵᠤᠪᠠᠯᠠᠩ ᠢ ᠲᠠᠪᠠᠮᠠᠷ ᠪᠠᠶᠢᠨ᠎ᠠ | ᠬᠤᠩᠭᠤᠷᠬᠠᠨ ᠴᠢᠮ᠎ᠠ ᠳᠠᠭᠠᠨ ᠤᠴᠢᠮᠠᠷ ᠪᠠᠶᠢᠨ᠎ᠠ | ᠬᠠᠶᠢᠷ᠎ᠠ ᠶᠢᠨ ᠵᠢᠯᠤᠭᠤ ᠲᠡᠨᠢᠬᠡ᠂ ᠤᠴᠢᠮᠠᠷ ᠪᠠᠶᠢᠨ᠎ᠠ | | | ᠨᠠᠮᠤᠷ ᠤᠨ ᠪᠤᠷᠤᠭ᠎ᠠ ᠰᠢᠪᠡᠷᠡᠭᠡᠳ ᠪᠠᠶᠢᠨ᠎ᠠ | ᠨᠠᠶᠢᠷ ᠲᠠᠢ ᠦᠷᠯᠦᠭᠡ ᠵᠢᠩᠳᠡᠭᠡᠳ ᠪᠠᠶᠢᠨ᠎ᠠ | ᠨᠠᠰᠤ ᠪᠠᠷ ᠢᠶᠠᠨ ᠴᠢᠮ᠎ᠠ ᠲᠠᠢ ᠵᠢᠷᠭᠠᠮᠠᠷ ᠪᠠᠶᠢᠨ᠎ᠠ | ᠨᠠᠷᠠᠳᠤ ᠶᠢᠨ ᠵᠠᠮ ᠢ ᠰᠦᠷᠦᠮᠡᠷ ᠪᠠᠶᠢᠨ᠎ᠠ | ᠢᠷᠠᠭᠤᠬᠠᠨ ᠤᠷᠴᠢᠯᠠᠩ ᠳᠤ ᠲᠡᠭᠦᠯᠢᠮᠡᠷ ᠪᠠᠶᠢᠨ᠎ᠠ | ᠢᠨᠠᠭᠬᠠᠨ ᠴᠢᠮ᠎ᠠ ᠳᠠᠭᠠᠨ ᠠᠭᠤᠰᠤᠮᠠᠷ ᠪᠠᠶᠢᠨ᠎ᠠ | ᠶᠠᠭᠠᠷᠠᠭᠰᠠᠨ ᠰᠡᠳᠬᠢᠯ ᠲᠡᠩᠰᠡᠯᠡᠳᠡᠯᠡ᠂ ᠠᠭᠤᠰᠤᠮᠠᠷ ᠪᠠᠶᠢᠨ᠎ᠠ | |