ᠦᠭᠡ ᠠᠶ᠎ᠠ᠄ ᠠᠨᠠᠷ | ᠳᠠᠭᠤᠴᠢᠨ᠄ ᠠᠨᠠᠷ | ᠴᠠᠭᠠᠨ ᠰᠠᠷ᠎ᠠ ᠶᠢᠨ ᠥᠷᠯᠥᠭᠡ ᠨᠢ ᠬᠥ᠋ | ᠴᠠᠭᠯᠠᠰᠢ ᠦᠭᠡᠢ ᠪᠠᠶᠠᠷ ᠢᠶᠠᠷ ᠪᠢᠯᠬᠠᠷᠠᠨ᠎ᠠ | ᠴᠠᠰᠤ ᠮᠥᠩᠭᠦᠨ ᠳᠡᠯᠡᠬᠡᠢ ᠳᠡᠭᠡᠨ᠂ ᠴᠠᠴᠤᠯᠢ ᠪᠠᠨ ᠡᠷᠭᠦᠨ᠎ᠡ | ᠴᠠᠭ ᠴᠠᠭ ᠤᠨ ᠤᠯᠠᠷᠢᠯ ᠤᠯᠠᠷᠢᠨ ᠤᠷᠤᠰᠤᠨ᠎ᠠ | ᠴᠠᠭᠠᠨ ᠰᠠᠷ᠎ᠠ ᠴᠠᠭᠠᠨ ᠰᠠᠷ᠎ᠠ ᠳᠠᠭᠠᠨ | ᠮᠡᠨᠳᠦ ᠶᠢᠨ ᠬᠠᠳᠠᠭ ᠢᠶᠠᠨ ᠡᠷᠭᠦᠨ ᠪᠠᠷᠢᠶ᠎ᠠ | ᠨᠠᠰᠤᠲᠠᠨ ᠲᠣᠮᠣᠭᠠᠲᠠᠨ ᠲᠠ ᠨᠠᠷ ᠲᠠᠭᠠᠨ | ᠨᠠᠨᠳᠢᠨ ᠪᠡᠯᠡᠭ ᠲᠠᠢ ᠣᠴᠢᠨ ᠵᠣᠯᠭᠠᠨ᠎ᠠ ᠳ᠋ᠠ | ᠨᠠᠷᠠᠨ ᠭᠡᠶᠢᠭᠰᠡᠨ ᠨᠤᠲᠤᠭ ᠲᠠᠭᠠᠨ᠂ ᠨᠠᠷᠭᠢᠨ ᠬᠥᠭᠡᠷᠦᠯᠳᠦᠶᠡ | ᠨᠠᠰᠤ ᠨᠠᠰᠤ ᠶᠢ ᠲᠣᠭᠠᠯᠠᠨ ᠡᠷᠬᠡᠯᠡᠨ ᠵᠢᠷᠭᠠᠨ᠎ᠠ | ᠴᠠᠭᠠᠨ ᠰᠠᠷ᠎ᠠ ᠴᠠᠭᠠᠨ ᠰᠠᠷ᠎ᠠ ᠳᠠᠭᠠᠨ | ᠮᠡᠨᠳᠦ ᠶᠢᠨ ᠬᠠᠳᠠᠭ ᠢᠶᠠᠨ ᠡᠷᠭᠦᠨ ᠪᠠᠷᠢᠶ᠎ᠠ | ᠬᠦᠨᠳᠦᠲᠦ ᠭᠡᠶᠢᠴᠢᠨ ᠲᠠ ᠨᠠᠷ ᠲᠠᠭᠠᠨ | ᠬᠦᠨᠳᠦ ᠶᠢᠨ ᠶᠣᠰᠣ ᠪᠠᠷ ᠠᠭᠤᠯᠵᠠᠨ ᠵᠣᠯᠭᠠᠯᠳᠤᠶᠠ | ᠬᠥᠬᠡ ᠮᠣᠩᠭᠤᠯ ᠤᠨ ᠰᠢᠨᠡᠬᠡᠨ ᠴᠠᠭᠠᠨ ᠰᠠᠷ᠎ᠠ | ᠬᠥᠪᠴᠢᠨ ᠳᠡᠯᠡᠬᠡᠢ ᠳᠤ᠂ ᠮᠥᠩᠬᠡᠷᠡᠨ ᠳᠠᠭᠤᠷᠢᠰᠤᠨ᠎ᠠ | ᠴᠠᠭᠠᠨ ᠰᠠᠷ᠎ᠠ ᠴᠠᠭᠠᠨ ᠰᠠᠷ᠎ᠠ ᠳᠠᠭᠠᠨ | ᠮᠡᠨᠳᠦ ᠶᠢᠨ ᠬᠠᠳᠠᠭ ᠢᠶᠠᠨ ᠡᠷᠭᠦᠨ ᠪᠠᠷᠢᠶ᠎ᠠ | |