ᠦᠭᠡ᠄ ᠤᠳᠬᠤᠨᠪᠠᠶᠠᠷ ︵ᠮᠣᠩᠭᠤᠯ︶ | ᠠᠶ᠎ᠠ᠄ ᠤᠳᠬᠤᠨᠪᠠᠶᠠᠷ ︵ᠮᠣᠩᠭᠤᠯ︶ | ᠳᠠᠭᠤᠴᠢᠨ᠄ ᠳᠤᠳᠤᠰᠠᠶᠢᠬᠠᠨ᠂ ᠨᠠᠷᠠᠨᠴᠡᠴᠡᠭ ︵ᠮᠣᠩᠭᠤᠯ︶ | ᠠᠯᠠᠭ ᠳᠡᠯᠡᠭᠡᠢ ᠶᠢ ᠤᠮᠳᠠᠭᠠᠯᠠᠭᠰᠠᠨ | ᠠᠯᠠᠭᠠᠨ ᠤ ᠭᠡ ᠰᠢᠭ ᠲᠦᠮᠡᠨ ᠭᠤᠤᠯ ᠤᠨ | ᠡᠬᠢᠨ ᠳᠤᠨᠢ ᠤᠷᠤᠰᠴᠤ ᠡᠯᠢᠭᠡᠨ ᠳᠤ ᠮᠢᠨᠢ ᠤᠷᠤᠰᠢᠳᠠᠭ | ᠠᠶ᠎ᠠ ᠮᠢᠨᠤ ᠮᠡᠷᠭᠡᠯ ᠭᠤᠤᠯ ᠡ | ᠠᠳᠤᠭᠤᠨ ᠤ ᠪᠠᠯᠴᠢᠭᠡᠷ ᠲᠠᠢ ᠳᠠᠯ᠎ᠠ ᠮᠢᠨᠢ ᠡ | | | ᠠᠯᠤᠰ ᠲᠤ ᠰᠠᠭᠤᠬᠤ ᠳᠤ ᠵᠢᠷᠦᠭᠡᠨ ᠳᠤ ᠮᠢᠨᠢ ᠤᠷᠤᠰᠢᠳᠠᠭ | ᠠᠶᠢᠯᠴᠢᠯᠠᠭᠠᠳ ᠤᠴᠢᠬᠤ ᠳᠤ ᠠᠯᠠᠭᠠᠨ ᠳᠤ ᠮᠢᠨᠢ ᠪᠦᠮᠪᠦᠷᠢᠳᠡᠭ | ᠠᠯᠠᠭ ᠳᠠᠯ᠎ᠠ ᠶᠢᠨ ᠮᠦᠩᠬᠦᠨ ᠬᠡᠯᠬᠢᠶ᠎ᠡ | ᠠᠶ᠎ᠠ ᠮᠢᠨᠤ ᠪᠤᠶᠢᠷ ᠬᠦᠯᠦᠨ ᠨᠠᠭᠤᠷ ᠡ | ᠠᠷᠠᠳ ᠪᠠᠷᠭᠤᠳ ᠤᠨ ᠨᠤᠳᠤᠭ ᠮᠢᠨᠢ ᠡ | ᠭᠤᠷᠪᠠᠨ ᠪᠤᠭᠳᠠ ᠶᠢᠨ ᠰᠢᠳᠦᠭᠡᠨ ᠲᠠᠢ | ᠳᠠᠪᠤᠨ ᠭᠤᠤᠯ ᠤᠨ ᠤᠮᠳᠠᠭᠠᠨ ᠲᠠᠢ | ᠪᠦᠷᠢᠳᠡ ᠬᠠᠳᠤᠨ ᠤ ᠤᠳᠤᠮ ᠲᠠᠢ | ᠪᠠᠷᠭᠤᠳᠠᠢ ᠮᠡᠷᠭᠡᠨ ᠡᠪᠦᠭᠡᠳ ᠲᠠᠢ | ᠬᠦᠷᠦᠰᠦᠳᠤ ᠳᠡᠯᠡᠭᠡᠢ ᠶᠢᠨ ᠴᠡᠭᠡᠵᠢᠨ ᠳᠤ | ᠬᠦᠯᠦᠨ ᠪᠤᠶᠢᠷ ᠤᠨ ᠳᠠᠯ᠎ᠠ ᠮᠢᠨᠢ ᠪᠠᠶᠢᠳᠠᠭ | ᠪᠤᠭᠤᠷᠤᠯ ᠳᠡᠤᠭᠡ ᠶᠢᠨ ᠬᠦᠭᠡ ᠰᠤᠳᠤᠷ ᠲᠤ | ᠪᠠᠶᠠᠨ ᠪᠠᠷᠭᠤ ᠶᠢᠨ ᠳᠠᠯ᠎ᠠ ᠮᠢᠨᠢ ᠪᠠᠭᠳᠠᠳᠠᠭ | | | ᠳᠠᠭᠤᠯᠠᠵᠤ ᠶᠠᠪᠤᠬᠤ ᠳᠤ ᠡᠭᠡᠰᠢᠭ ᠨᠡᠮᠡᠨ ᠮᠢᠷᠠᠯᠵᠠᠳᠠᠭ | ᠤᠬᠢᠯᠠᠵᠤ ᠰᠠᠭᠤᠬᠤ ᠳᠤ ᠨᠢᠯᠪᠤᠰᠤ ᠠᠷᠴᠢᠨ ᠬᠠᠷᠠᠭᠳᠠᠳᠠᠭ | ᠤᠷᠴᠢᠯᠠᠩ ᠳᠤ ᠭᠠᠭᠴᠠᠬᠠᠨ ᠪᠢᠳᠡᠨ ᠳᠤ ᠵᠠᠶᠠᠭᠠᠭᠰᠠᠨ | ᠠᠶ᠎ᠠ ᠮᠢᠨᠤ ᠬᠠᠶᠢᠯᠠᠷ ᠭᠤᠤᠯ ᠡ | ᠠᠵᠠ ᠪᠠᠷ ᠵᠠᠶᠠᠭᠠᠭᠰᠠᠨ ᠨᠤᠳᠤᠭ ᠮᠢᠨᠢ ᠡ | ᠭᠤᠷᠪᠠᠨ ᠪᠤᠭᠳᠠ ᠶᠢᠨ ᠰᠢᠳᠦᠭᠡᠨ ᠲᠠᠢ | ᠳᠠᠪᠤᠨ ᠭᠤᠤᠯ ᠤᠨ ᠤᠮᠳᠠᠭᠠᠨ ᠲᠠᠢ | ᠪᠦᠷᠢᠳᠡ ᠬᠠᠳᠤᠨ ᠤ ᠤᠳᠤᠮ ᠲᠠᠢ | ᠪᠠᠷᠭᠤᠳᠠᠢ ᠮᠡᠷᠭᠡᠨ ᠡᠪᠦᠭᠡᠳ ᠲᠠᠢ | ᠬᠦᠷᠦᠰᠦᠳᠤ ᠳᠡᠯᠡᠭᠡᠢ ᠶᠢᠨ ᠴᠡᠭᠡᠵᠢᠨ ᠳᠤ | ᠬᠦᠯᠦᠨ ᠪᠤᠶᠢᠷ ᠤᠨ ᠳᠠᠯ᠎ᠠ ᠮᠢᠨᠢ ᠪᠠᠶᠢᠳᠠᠭ | ᠪᠤᠭᠤᠷᠤᠯ ᠳᠡᠤᠭᠡ ᠶᠢᠨ ᠬᠦᠭᠡ ᠰᠤᠳᠤᠷ ᠲᠤ | ᠪᠠᠶᠠᠨ ᠪᠠᠷᠭᠤ ᠶᠢᠨ ᠳᠠᠯ᠎ᠠ ᠮᠢᠨᠢ ᠪᠠᠭᠳᠠᠳᠠᠭ | |