ᠨᠢᠭᠡ᠂ ᠪᠠᠷᠭᠤ ᠳᠤᠤᠯᠢ ᠶᠢᠨ ᠬᠠᠷᠢᠶᠠᠯᠠᠯ | ᠮᠤᠩᠭᠤᠯ ᠦᠨᠳᠦᠰᠦᠳᠡᠨ ᠤ ᠤᠷᠠᠨ ᠵᠤᠬᠢᠶᠠᠯ ᠢ ᠶᠡᠷᠦᠩᠭᠡᠢ ᠳᠤᠨᠢ ᠡᠷᠳᠡᠨ ᠤ ᠠᠮᠠᠨ ᠵᠤᠬᠢᠶᠠᠯ ᠤᠨ ᠠᠩᠬᠢ ᠪᠠ ᠪᠢᠴᠢᠭ ᠤᠨ ᠤᠷᠠᠨ ᠵᠤᠬᠢᠶᠠᠯ ᠤᠨ ᠠᠩᠬᠢ | ᠭᠡᠵᠤ ᠬᠤᠶᠠᠷ ᠪᠦᠯᠦᠭ ᠲᠤ ᠠᠩᠬᠢᠯᠠᠳᠠᠭ᠃ ᠠᠮᠠᠨ ᠵᠤᠬᠢᠶᠠᠯ ᠤᠨ ᠠᠩᠬᠢ ᠨᠢ ᠦᠨᠢ ᠡᠷᠳᠡᠨ ᠠᠴᠠ ᠪᠤᠢ ᠪᠤᠯᠤᠭᠰᠠᠨ ᠦᠯᠡᠮᠵᠢ ᠠᠷᠪᠢᠨ ᠪᠦᠳᠦᠭᠡᠯ ᠲᠠᠢ᠂ ᠤᠯᠤᠰ | ᠦᠨᠳᠦᠰᠦᠳᠡᠨ ᠪᠦᠷᠢᠯᠳᠦᠭᠡᠳᠦᠢ᠂ ᠦᠰᠦᠭ ᠪᠢᠴᠢᠭ ᠴᠦ ᠭᠠᠷᠤᠭᠠᠳᠤᠢ ᠪᠠᠯᠠᠷ ᠴᠠᠭ ᠦᠶ᠎ᠡ ᠠᠴᠠ ᠡᠳᠦᠭᠡ ᠬᠦᠷᠳᠡᠯ᠎ᠡ ᠦᠷᠭᠦᠯᠵᠢᠯᠡᠵᠤ ᠢᠷᠡᠭᠰᠡᠨ ᠪᠦᠭᠡᠳ ᠵᠦᠪᠬᠡᠨ | ᠠᠮᠠ ᠪᠠᠷ ᠳᠠᠮᠵᠢᠨ ᠤᠯᠠᠮᠵᠢᠯᠠᠳᠠᠭ ᠠᠴᠠ ᠪᠤᠯᠵᠤ ᠬᠤᠪᠢᠯᠪᠤᠷᠢ ᠪᠠ ᠳᠦᠷᠦᠯ ᠵᠦᠢᠯ ᠤᠯᠠᠨᠳᠠᠢ ᠪᠤᠯᠵᠤ ᠶᠡᠬᠡᠳᠡ ᠬᠦᠭᠵᠢᠭᠰᠡᠨ ᠪᠠᠶᠢᠳᠠᠭ᠃ ᠭᠡᠪᠡᠴᠦ ᠪᠠᠰᠠ | ᠤᠷᠬᠢᠭᠳᠠᠵᠤ ᠮᠠᠷᠳᠠᠭᠳᠠᠭᠰᠠᠨ ᠨᠢ ᠦᠯᠡᠮᠵᠢ ᠠᠷᠪᠢᠨ᠂ ᠦᠯᠡᠳᠡᠵᠤ ᠤᠯᠳᠠᠭᠰᠠᠨ ᠨᠢ ᠮᠠᠰᠢ ᠴᠦᠭᠡᠨ ᠠᠵᠢ᠃ ᠠᠮᠠᠨ ᠦᠯᠢᠭᠡᠷ ᠳᠤᠮᠤᠭ ᠤᠨ ᠳᠤᠳᠤᠷ᠎ᠠ ᠠᠴᠠ | ︽ᠪᠠᠷᠭᠤ ᠶᠢᠨ ᠪᠠᠯᠠᠷᠯᠢᠭ ᠡᠷᠳᠡᠨ ᠤ ᠪᠠᠭᠠᠳᠤᠷᠯᠢᠭ ᠳᠤᠤᠯᠢ︾ ᠪᠤᠯ ᠠᠮᠠᠨ ᠵᠤᠬᠢᠶᠠᠯ ᠤᠨ ᠳᠦᠯᠦᠭᠡᠯᠡᠬᠦ ᠴᠢᠨᠠᠷᠳᠠᠢ ᠪᠦᠳᠤᠭᠡᠯ ᠮᠥᠨ᠃ ᠪᠠᠰᠠ ᠴᠦ ᠳᠡᠯᠡᠭᠡᠢ ᠳ᠋ᠡᠬᠢᠨ ᠤ | ᠠᠩᠬᠠᠷᠤᠯ ᠢ ᠳᠠᠳᠠᠵᠤ᠂ ᠦᠨᠳᠦᠷ ᠳᠦᠪᠰᠢᠨ ᠳᠤ ᠰᠤᠳᠤᠯᠤᠭᠳᠠᠭᠰᠠᠨ ᠠᠯᠳᠠᠷᠳᠠᠢ ᠰᠡᠳᠦᠪ ᠪᠤᠯᠤᠭᠰᠠᠨ ᠪᠠᠶᠢᠨᠠᠮ᠃ ᠡᠭᠦᠨ ᠤ ᠳᠤᠬᠠᠢ ᠫᠷᠤᠹᠧᠰᠰᠤᠷ᠂ | ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠵ᠊ · ᠷᠢᠨᠴᠢᠨᠳᠤᠷᠵᠢ ᠶᠢᠨ ᠭᠡᠯᠡᠭᠰᠡᠨ ᠢᠶᠠᠷ ᠪᠤᠯ᠄ ︽ᠮᠠᠨ ᠤ ᠤᠯᠤᠰ ᠤᠨ ᠡᠯ᠎ᠡ ᠤᠷᠤᠨ ᠤ ᠮᠤᠩᠭᠤᠯ ᠳᠤᠤᠯᠢ ᠶᠢᠨ | ᠳᠤᠳᠤᠷ᠎ᠠ ᠪᠠᠷᠭᠤ ᠠᠷᠠᠳ ᠤᠨ ᠪᠠᠭᠠᠳᠤᠷᠯᠢᠭ ᠳᠤᠤᠯᠢ ᠳᠤᠩ ᠪᠠᠶᠠᠯᠢᠭ ᠪᠠᠶᠢᠳᠠᠭ ᠪᠦᠭᠡᠳ ᠳᠡᠳᠡᠭᠡᠷ ᠨᠢ ᠨᠢᠭᠡᠨ ᠭᠡᠮᠵᠢᠶ᠎ᠡ ᠪᠠᠷ ᠪᠤᠰᠤᠳ ᠤᠷᠤᠨ ᠤ ᠳᠤᠤᠯᠢᠰ ᠢ | ᠳᠦᠯᠦᠭᠡᠯᠡᠬᠦ ᠰᠢᠨᠵᠢ ᠴᠢᠨᠠᠷᠳᠠᠢ ᠪᠠᠶᠢᠳᠠᠭ︾ ᠭᠡᠵᠤ ︽ᠤᠷᠠᠨ ᠵᠤᠬᠢᠶᠠᠯ ᠤᠨ ᠰᠤᠳᠤᠯᠤᠯ ᠤᠨ ᠦᠭᠦᠯᠡᠯ ᠤᠳ︾ ᠨᠤᠮ ᠤᠨ ᠢᠶᠠᠨ 118 ᠳ᠋ᠤᠭᠠᠷ ᠨᠢᠭᠤᠷ ᠤᠨ | ᠳᠡᠭᠦᠰᠭᠡᠯ ᠳᠤ ᠳᠡᠮᠳᠡᠭᠯᠡᠭᠰᠡᠨ ᠪᠠᠶᠢᠳᠠᠭ᠃ | ︽ᠮᠤᠩᠭᠤᠯ ᠤᠨ ᠨᠢᠭᠤᠴᠠ ᠳᠤᠪᠴᠢᠶᠠᠨ︾ ᠪᠤᠯ ᠮᠤᠩᠭᠤᠯ ᠦᠨᠳᠦᠰᠦᠳᠡᠨ ᠤ ᠪᠢᠴᠢᠭ ᠤᠨ ᠤᠷᠠᠨ ᠵᠤᠬᠢᠶᠠᠯ ᠤᠨ ᠬᠤᠤᠰ ᠦᠭᠡᠢ ᠨᠤᠶᠠᠨ ᠤᠷᠬᠢᠯ ᠮᠥᠨ | ᠃ ᠨᠢᠭᠡᠨᠳᠡ ᠳᠡᠯᠡᠭᠡᠢ ᠶᠢᠨ ᠨᠡᠷᠡᠳᠦ ᠨᠤᠮ ᠤᠨ ᠪᠦᠷᠢᠳᠭᠡᠯ ᠳᠤ ᠳᠠᠩᠰᠠᠯᠠᠭᠳᠠᠭᠰᠠᠨ ᠶᠤᠮ᠃ ᠡᠶᠢᠮᠦ ᠠᠴᠠ ᠮᠤᠩᠭᠤᠯ ᠤᠷᠠᠨ ᠵᠤᠬᠢᠶᠠᠯ ᠳᠤ ᠠᠮᠠᠨ ᠤᠷᠠᠨ ᠵᠤᠬᠢᠶᠠᠯ ᠪᠠ | ᠪᠢᠴᠢᠭ ᠤᠨ ᠤᠷᠠᠨ ᠵᠤᠬᠢᠶᠠᠯ ᠭᠡᠵᠤ ᠳᠤᠰ ᠳᠤᠰ ᠨᠢᠭᠡᠨ ᠳᠦᠯᠦᠭᠡᠯᠡᠬᠦ ᠨᠤᠶᠠᠨ ᠤᠷᠬᠢᠯ ᠲᠠᠢ ᠭᠡᠵᠤ ᠪᠠᠳᠤᠳᠠᠢ ᠭᠡᠯᠡᠵᠤ ᠪᠤᠯᠤᠨ᠎ᠠ᠃ | ᠬᠤᠶᠠᠷ᠂ ᠳᠤᠤᠯᠢ ᠶᠢ ᠶᠠᠭᠠᠬᠢᠭᠠᠳ ᠮᠤᠩᠭᠤᠯ ᠦᠨᠳᠦᠰᠦᠳᠡᠨ ᠤ ᠪᠠᠭᠠᠳᠤᠷᠯᠢᠭ | ᠴᠠᠭ ᠦᠶ᠎ᠡ ᠶᠢᠨ ᠪᠦᠳᠦᠭᠡᠯ ᠭᠡᠳᠡᠭ ᠪᠤᠢ︖ | ᠪᠠᠭᠠᠳᠤᠷᠯᠢᠭ ᠳᠤᠤᠯᠢ ᠪᠤᠯ ᠴᠠᠭ ᠦᠶ᠎ᠡ ᠶᠢ ᠵᠠᠭᠠᠭᠯᠠᠭᠰᠠᠨ ᠤᠳᠬ᠎ᠠ ᠵᠤᠬᠢᠶᠠᠯ ᠤᠨ ᠨᠢᠭᠡᠨ ᠳᠦᠷᠦᠯ ᠵᠦᠢᠯ ᠮᠥᠨ᠃ ᠪᠠᠷᠭᠤ ᠳᠤᠤᠯᠢ ᠠᠩᠬ᠎ᠠ | ᠡᠷᠳᠡ ᠳᠡᠭᠡᠨ ᠤᠨ ᠳᠤᠭᠠᠯᠠᠯ ᠠᠴᠠ ᠡᠮᠦᠨ᠎ᠡ ᠡᠭᠦᠰᠦᠨ ᠭᠠᠷᠤᠭᠰᠠᠨ ᠭᠡᠳᠡᠭ᠃ ᠬᠠᠮᠤᠭ ᠠᠩᠬᠠᠨ ᠤ ᠨᠢᠭᠡ ᠪᠦᠯᠦᠭ ᠳᠤᠤᠯᠢ ᠡᠭᠦᠰᠦᠭᠰᠡᠨ ᠠᠴᠠ ᠡᠬᠢᠯᠡᠨ ᠰᠢᠨ᠎ᠡ | ᠨᠢᠭᠡ ᠳᠦᠷᠦᠯ ᠤᠨ ᠳᠤᠤᠯᠢ ᠪᠦᠷᠢᠯᠳᠦᠨ ᠳᠤᠭᠳᠠᠬᠤ ᠬᠦᠷᠳᠡᠯᠡᠬᠢ ᠬᠤᠭᠤᠴᠠᠭ᠎ᠠ ᠪᠤᠯ ᠮᠤᠩᠭᠤᠯ ᠦᠨᠳᠦᠰᠦᠳᠡᠨ ᠤ ᠳᠡᠦᠭᠡᠨ ᠳᠡᠭᠡᠷᠡᠬᠢ ᠪᠠᠭᠠᠳᠤᠷᠯᠢᠭ ᠴᠠᠭ ᠦᠶ᠎ᠡ | ᠭᠡᠵᠤ ᠤᠷᠠᠨ ᠵᠤᠬᠢᠶᠠᠯ ᠤᠨ ᠤᠨᠤᠯᠴᠢᠳ ᠦᠵᠡᠳᠡᠭ ᠠᠵᠢ᠃ ᠭᠡᠳᠡᠯ᠎ᠡ ᠭᠡᠰᠡᠷ ᠵᠢᠩᠭᠠᠷ ᠮᠡᠳᠦ ᠳᠤᠮᠤ ᠮᠦᠴᠡᠯᠭᠡ ᠳᠤᠤᠯᠢ ᠪᠤᠯ ᠨᠡᠶᠢᠭᠡᠮ ᠤᠨ ᠬᠦᠭᠵᠢᠯ ᠳᠤ | ᠠᠩᠬᠢ ᠶᠢᠨ ᠵᠠᠳᠠᠷᠠᠯ ᠡᠭᠦᠰᠴᠦ ᠪᠠᠶᠢᠭᠰᠠᠨ ᠠᠷᠠᠢ ᠬᠤᠵᠢᠭᠤ ᠦᠶ᠎ᠡ ᠶᠢᠨ ᠠᠮᠠᠨ ᠵᠤᠬᠢᠶᠠᠯ ᠪᠠᠶᠢᠪᠠ᠃ ᠪᠠᠭᠠᠳᠤᠷᠯᠢᠭ ᠴᠠᠭ ᠦᠶ᠎ᠡ ᠶᠢᠨ ᠪᠤᠰᠤᠳ ᠠᠴᠠ ᠢᠯᠭᠠᠭᠳᠠᠬᠤ | ᠦᠨᠳᠦᠰᠦᠨ ᠰᠢᠨᠵᠢ ᠳᠡᠮᠳᠡᠭ ᠨᠢ ᠭᠡᠷᠡᠭ ᠳᠡᠭᠡᠷ᠎ᠡ ᠪᠠᠨ ᠤᠪᠤᠭ ᠤᠨ ᠨᠡᠶᠢᠭᠡᠮ ᠤᠨ ᠳᠦᠷᠦᠭᠦᠴᠦᠳ ᠤᠨ ᠳᠡᠮᠡᠴᠡᠭᠡᠨ᠂ ᠭᠠᠭᠴᠠ ᠭᠠᠭᠴᠠᠬᠠᠨ ᠭᠤᠤᠯ ᠪᠠᠭᠠᠳᠤᠷ ᠨᠢ | ᠠᠶᠤᠬᠤ ᠶᠢ ᠮᠡᠳᠡᠬᠦ ᠦᠭᠡᠢ᠂ ᠵᠤᠷᠢᠯᠭ᠎ᠠ ᠳᠠᠭᠠᠨ ᠬᠦᠷᠭᠦ ᠦᠭᠡᠢ ᠪᠤᠯ ᠭᠡᠳᠡᠷᠭᠦ ᠪᠤᠴᠠᠳᠠᠭ ᠦᠭᠡᠢ ᠢᠯᠠᠷᠠᠯ ᠲᠠᠢ᠃ ᠬᠤᠶᠠᠷ ᠭᠤᠤᠯ ᠪᠠᠭᠠᠳᠤᠷ ᠨᠢ ᠤᠷᠢᠳᠠᠪᠠᠷ ᠪᠡᠶ᠎ᠡ | ᠪᠡᠶ᠎ᠡ ᠲᠠᠢ ᠪᠠᠨ ᠦᠵᠡᠯᠴᠡᠭᠡᠳ ᠰᠠᠶ᠋ᠢ ᠮᠡᠳᠡᠯᠴᠡᠳᠡᠭ᠃ ᠳᠠᠶᠢᠳᠤᠬᠤ ᠭᠡᠪᠴᠢᠶ᠎ᠡ ᠨᠢ ᠵᠦᠪᠬᠡᠨ ᠳᠡᠳᠡ ᠬᠤᠶᠠᠭᠤᠯᠠᠬᠠᠨ ᠪᠠᠶᠢᠳᠠᠭ᠂ ᠬᠡᠪᠴᠢᠶ᠎ᠡ ᠨᠢ ᠮᠠᠰᠢ ᠬᠢᠵᠠᠭᠠᠷ ᠲᠠᠢ᠂ | ᠤᠷᠤᠭ ᠪᠤᠯᠢᠶᠠᠬᠤ ᠪᠤᠶᠤ ᠡᠳ᠋ ᠬᠦᠷᠦᠩᠭᠡ ᠳᠡᠭᠡᠷᠡᠮᠳᠡᠬᠦ ᠪᠠᠷ ᠭᠤᠤᠯ ᠵᠤᠷᠢᠯᠳᠠ ᠪᠤᠯᠭᠠᠭᠰᠠᠨ ᠵᠡᠷᠭᠡ ᠤᠨᠴᠠᠯᠢᠭ ᠲᠠᠢ ᠪᠠᠶᠢᠳᠠᠭ ᠠᠵᠢ᠃ ᠡᠶᠢᠮᠦ ᠠᠴᠠ ᠪᠠᠭᠠᠳᠤᠷᠯᠢᠭ | ᠴᠠᠭ ᠦᠶ᠎ᠡ ᠶᠢᠨ ᠭᠡᠳᠡᠭ ᠶᠤᠮ ᠪᠠᠶᠢᠨ᠎ᠠ᠃ | ᠭᠤᠷᠪᠠ᠂ ᠪᠠᠷᠭᠤ ᠳᠤᠤᠯᠢ ᠶᠢᠨ ᠡᠭᠦᠰᠦᠭᠰᠡᠨ ᠴᠠᠭ ᠬᠤᠭᠤᠴᠠᠭ᠎ᠠ ᠪᠠ ᠭᠠᠵᠠᠷ ᠤᠷᠤᠨ ᠤ ᠳᠤᠬᠠᠢ ᠪᠠᠷᠤᠭᠯᠠᠯ | ᠪᠠᠷᠭᠤ ᠳᠤᠤᠯᠢ ᠨᠢ ᠭᠤᠤᠯᠳᠠᠭᠤ ᠡᠮᠦᠨᠡᠳᠦ ᠰᠢᠪᠧᠷᠢᠶ᠎ᠠ ᠪᠠ ᠳᠦᠪ ᠠᠽᠢᠶ᠎ᠠ ᠳᠤ 6 — 10 ᠳ᠋ᠤᠭᠠᠷ ᠵᠠᠭᠤᠨ ᠤ ᠬᠤᠭᠤᠷᠤᠨᠳᠦ ᠡᠭᠦᠰᠦᠭᠰᠡᠨ ᠭᠡᠵᠤ | ᠡᠷᠳᠡᠮᠳᠡᠳ ᠦᠵᠡᠵᠡᠢ᠃ ᠳᠡᠷᠡ ᠨᠢ ᠳᠦᠷᠦᠭ ᠮᠤᠩᠭᠤᠯ ᠤᠳᠤᠮ ᠤᠨ ᠳᠡᠭᠡᠳᠦᠰ ᠤᠨ ᠨᠤᠳᠤᠭ ᠲᠤ ᠡᠭᠦᠰᠦᠭᠰᠡᠨ ᠪᠤᠯᠤᠮᠵᠢ ᠲᠠᠢ ᠪᠦᠭᠡᠳ ᠵᠠᠷᠢᠮ ᠨᠢ ᠪᠠᠭ᠋ᠠᠨ | ᠨᠠᠷᠢᠪᠴᠢᠯᠠᠵᠤ᠂ 7 — 9 ᠳ᠋ᠤᠭᠡᠷ ᠵᠠᠭᠤᠨ ᠤ ᠦᠶ᠎ᠡ ᠳᠤ ᠤᠪᠤᠭ ᠤᠨ ᠪᠠᠶᠢᠭᠤᠯᠤᠯ ᠤᠨ ᠰᠡᠭᠦᠯᠴᠢ ᠪᠠᠷ ᠡᠭᠦᠰᠦᠯ᠎ᠡ ᠭᠡᠵᠤ ᠦᠵᠡᠵᠤ ᠪᠠᠶᠢᠨ᠎ᠠ᠃ ᠮᠤᠩᠭᠤᠯ ᠳᠤᠤᠯᠢ | ᠮᠠᠰᠢ ᠡᠷᠳᠡ ᠡᠭᠦᠰᠦᠭᠡᠳ᠂ ᠪᠠᠷᠤᠭ 11 — 12 ᠳ᠋ᠤᠭᠠᠷ ᠵᠠᠭᠤᠨ ᠬᠦᠷᠳᠡᠯ᠎ᠡ ᠦᠷᠭᠦᠯᠵᠢᠯᠡᠭᠰᠡᠨ ᠭᠡᠳᠡᠭ᠃ ᠳᠡᠭᠦᠨ ᠠᠴᠠ ᠬᠤᠶᠢᠰᠢ ᠰᠢᠨ᠎ᠡ ᠳᠤᠤᠯᠢ ᠡᠭᠦᠰᠭᠦ | ᠤᠤᠯ ᠤᠨ ᠨᠡᠶᠢᠭᠡᠮ ᠤᠨ ᠦᠨᠳᠦᠰᠦᠨ ᠨᠦᠭᠦᠴᠡᠯ ᠬᠤᠪᠢᠷᠠᠵᠠᠢ᠃ ᠦᠭᠡᠷ᠎ᠡ ᠪᠠᠷ ᠭᠡᠯᠡᠪᠡᠯ 13 ᠳ᠋ᠤᠭᠠᠷ ᠵᠠᠭᠤᠨ ᠪᠤᠯᠬᠤ ᠳᠤ ᠭᠠᠭᠴᠠ ᠬᠤᠶᠠᠷ ᠳᠦᠷᠦᠭᠦᠴᠦᠳ ᠤᠨ | ᠳᠡᠮᠡᠴᠡᠯᠳᠦᠭᠦ ᠴᠠᠭ ᠦᠶ᠎ᠡ ᠨᠢᠭᠡᠨᠳᠡ ᠦᠩᠭᠡᠷᠡᠭᠰᠡᠨ ᠪᠠᠶᠢᠪᠠ᠃ ᠭᠡᠪᠡᠴᠦ ᠳᠤᠤᠯᠢ ᠪᠤᠯ ᠤᠯᠤᠰ ᠦᠨᠳᠦᠰᠦᠳᠡᠨ ᠪᠦᠭᠦᠨ ᠳᠤ ᠪᠠᠶᠢᠳᠠᠭ ᠶᠠᠭᠤᠮ᠎ᠠ ᠪᠢᠰᠢ᠃ ᠬᠠᠷᠢᠨ | ᠮᠤᠩᠭᠤᠯ ᠳᠤᠤᠯᠢ ᠪᠤᠯ ᠳᠠᠷᠬᠠᠴᠠ ᠪᠠᠷ ᠮᠠᠰᠢ ᠦᠷᠭᠡᠨ ᠮᠦᠷᠳᠡᠭᠡᠨ ᠶᠠᠷᠢᠭᠳᠠᠭᠰᠠᠭᠠᠷ ᠪᠠᠶᠢᠭ᠎ᠠ ᠨᠢ ᠪᠠᠰᠠ ᠨᠢᠭᠡᠨ ᠭᠠᠶᠢᠬᠠᠮᠰᠢᠭ ᠶᠤᠮ᠃ | ᠳᠦᠷᠪᠡ᠂ ᠡᠯ᠎ᠡ ᠤᠯᠤᠰ ᠲᠤ ᠮᠤᠩᠭᠤᠯ ᠳᠤᠤᠯᠢ ᠢᠯᠡᠷᠡᠭᠰᠡᠨ ᠪᠠ ᠰᠤᠳᠤᠯᠤᠭᠰᠠᠨ ᠳᠦᠢᠮᠤ | ᠬᠠᠮᠤᠭ ᠤᠨ ᠠᠩᠬ᠎ᠠ ᠮᠠᠨ ᠤ ᠤᠯᠤᠰ ᠤᠨ ᠪᠠᠭᠠᠳᠤᠷᠯᠢᠭ ᠳᠤᠤᠯᠢ ᠶᠢ ᠳᠡᠮᠳᠡᠭᠯᠡᠭᠰᠡᠨ ᠬᠦᠮᠦᠨ ᠪᠤᠯ ᠵᠠᠮᠰᠠᠷᠠᠨ ᠤ ᠴᠡᠸᠡᠩ ᠪᠤᠯᠤᠨ᠎ᠠ᠃ ᠲᠡᠷᠡ 1904 | ᠤᠨ ᠳᠤ ᠴᠠᠬᠠᠷ ᠤᠨ ︽ᠮᠡᠷᠭᠡᠨ ᠬᠠᠨ ᠬᠢᠭᠡᠳ ᠤᠷᠳᠤ ᠰᠢᠷ᠎ᠠ ᠬᠠᠨ︾ ᠪᠤᠯᠤᠨ ︽ᠪᠠᠷᠠᠭᠤᠨ ᠤᠷᠳᠦ ᠳᠢᠪ ᠢ ᠡᠵᠡᠯᠡᠭᠰᠡᠨ ᠳᠤᠳᠤᠢ ᠬᠠᠨ︾ ᠳᠤᠤᠯᠢ ᠶᠢ | ᠤᠷᠤᠰ ᠢᠶᠠᠷ ᠳᠡᠮᠳᠡᠭᠯᠡᠵᠤ ᠦᠭᠦᠯᠡᠭᠰᠡᠨ ᠵᠦᠢᠯ ᠢ ᠫᠧᠳ᠋ᠷᠭᠷᠠᠳ᠋ ᠤᠨ ᠳᠤᠷᠤᠨᠠᠳᠡᠬᠢᠨ ᠤ ᠡᠷᠳᠡᠮᠳᠡᠳ ᠤᠨ ᠳᠠᠩᠰᠠ ᠡᠪᠭᠡᠮᠡᠯ ᠤᠨ ᠤᠷᠳᠤᠨ ᠳᠤ ᠬᠠᠳᠠᠭᠠᠯᠠᠵᠤ ᠪᠠᠶᠢᠬᠤ | ᠠᠵᠢ᠃ ᠪᠠᠰᠠ ᠭᠧᠷᠮᠠᠨ ᠳᠤ ᠪᠧᠷᠭᠮᠡᠨ ᠭᠡᠳᠡᠭ ᠡᠷᠳᠡᠮᠳᠡᠨ ᠵᠢᠩᠭᠠᠷ ᠤᠨ ᠬᠤᠶᠠᠷ ᠪᠦᠯᠦᠭ ᠢ ᠬᠠᠯᠢᠮᠠᠭ ᠨᠤᠳᠤᠭ ᠠᠴᠠ ᠤᠯᠵᠤ ᠤᠷᠴᠢᠭᠤᠯᠤᠭᠠᠳ ᠠᠩᠬ᠎ᠠ | ᠨᠡᠶᠢᠳᠡᠯᠡᠭᠰᠡᠨ ᠭᠡᠳᠡᠭ ᠮᠡᠳᠡᠭᠡ ᠪᠠᠶᠢᠨ᠎ᠠ᠃ ᠳᠡᠭᠦᠨ ᠠᠴᠠ ᠬᠤᠶᠢᠰᠢ ᠡᠸᠦ᠋ᠷᠤᠫᠠ ᠶᠢᠨ ᠡᠷᠳᠡᠮᠳᠡᠳ ᠤᠷᠢᠳ ᠬᠤᠵᠢᠳ ᠢᠯᠡᠷᠡᠭᠦᠯᠦᠭᠰᠡᠭᠡᠷ ᠳᠡᠯᠡᠭᠡᠢ ᠶᠢᠨ ᠮᠤᠩᠭᠤᠯ | ᠳᠤᠤᠯᠢ ᠶᠢᠨ ᠰᠤᠳᠤᠯᠭᠠᠨ ᠦᠷᠨᠢᠭᠰᠡᠨ ᠪᠠᠶᠢᠵᠠᠢ᠃ ᠢᠩᠬᠢᠭᠡᠳ ᠳᠡᠯᠡᠭᠡᠢ ᠳᠡᠭᠡᠷ᠎ᠡ ᠢᠵᠢᠯ ᠮᠦᠷᠡᠨ ᠤ ᠲᠤᠤᠯᠢ᠂ ᠳ᠋ᠤᠨ ᠮᠦᠷᠡᠨ ᠤ ᠲᠤᠤᠯᠢ ᠂ ᠪᠠᠶᠢᠭᠠᠯ ᠨᠠᠭᠤᠷ ᠤᠨ | ᠲᠤᠤᠯᠢ᠂ ᠮᠤᠩᠭᠤᠯ ᠤᠨ ᠦᠨᠳᠦᠷᠯᠢᠭ ᠤᠨ ᠳᠤᠤᠯᠢ ᠬᠡᠮᠡᠬᠦ ᠳᠦᠷᠪᠡᠨ ᠪᠦᠰᠡ ᠨᠤᠳᠤᠭ ᠤᠨ ᠲᠤᠤᠯᠢ ᠪᠤᠢ ᠪᠤᠯᠤᠭᠰᠠᠨ ᠪᠤᠯᠤᠯᠳᠠᠢ᠃ | ᠤᠷᠤᠰ ᠤᠯᠤᠰ ᠲᠤ ᠪᠤᠯ ᠬᠠᠯᠢᠮᠠᠭ ᠤᠨ ᠳᠤᠤᠯᠢ ᠪᠠ ᠪᠤᠷᠢᠶᠠᠳ ᠤᠨ ᠳᠤᠤᠯᠢ ᠭᠡᠰᠡᠨ ᠤᠶᠢᠯᠠᠭᠠᠯᠳᠠ ᠭᠤᠤᠯᠯᠠᠵᠤ ᠪᠠᠶᠢᠪᠠ᠃ ᠮᠤᠩᠭᠤᠯ ᠤᠯᠤᠰ ᠲᠤ ᠪᠤᠯ | ᠪᠠᠷᠠᠭᠤᠨ ᠤᠷᠤᠨ ᠤ ᠳᠤᠤᠯᠢ ᠪᠠ ᠵᠡᠭᠦᠨ ᠤᠷᠤᠨ ᠤ ᠳᠤᠤᠯᠢ ᠭᠡᠬᠦ ᠪᠤᠶᠤ ᠬᠠᠯᠬ᠎ᠠ ᠪᠠ ᠤᠶᠢᠷᠠᠳ ᠤᠨ ᠳᠤᠤᠯᠢ ᠭᠡᠵᠤ ᠶᠠᠷᠢᠭᠳᠠᠳᠠᠭ ᠭᠡᠨ᠎ᠡ᠃ ᠳᠤᠮᠳᠠᠳᠦ ᠤᠯᠤᠰ ᠲᠤ | ᠵᠢᠷᠠᠭᠠᠳ ᠤᠨ ᠤ ᠡᠬᠢᠨ ᠠᠴᠠ ᠠᠷᠠᠳ ᠤᠨ ᠠᠮᠠᠨ ᠵᠤᠬᠢᠶᠠᠯ ᠬᠠᠶᠢᠨ ᠪᠠᠶᠢᠴᠠᠭᠠᠬᠤ ᠶᠠᠪᠤᠴᠠ ᠳᠤ ᠷᠢᠨᠴᠢᠨᠳᠤᠷᠵᠢ᠂ ᠴᠢ ᠯᠢᠶᠠᠨ ᠰᠢᠤ ᠨᠠᠷ ᠬᠦᠯᠦᠨ ᠪᠤᠶᠢᠷ ᠤᠨ | ᠪᠠᠷᠭᠤ ᠨᠤᠳᠤᠭ ᠲᠤ ᠮᠠᠰᠢ ᠤᠯᠠᠨ ᠳᠤᠤᠯᠢ ᠪᠠ ᠳᠤᠤᠯᠢ ᠶᠢᠨ ᠬᠤᠪᠢᠯᠪᠤᠷᠢ ᠤᠷᠤᠰᠢᠵᠤ ᠪᠠᠶᠢᠭ᠎ᠠ ᠶᠢ ᠢᠯᠡᠷᠡᠭᠦᠯᠦᠭᠡᠳ ᠳᠠᠯᠠᠭᠠᠳ ᠤᠨ ᠠᠴᠠ ᠰᠠᠶ᠋ᠢ ᠰᠤᠳᠤᠯᠭᠠᠨ ᠳᠤ | ᠤᠷᠤᠭᠤᠯᠵᠤ ᠡᠬᠢᠯᠡᠵᠡᠢ᠃ ᠡᠭᠦᠨ ᠢ ᠭᠠᠵᠠᠷ ᠤᠷᠤᠨ ᠢᠶᠠᠷ ᠨᠢ ᠠᠩᠬᠢᠯᠠᠪᠠᠯ ᠬᠦᠯᠦᠨ ᠪᠤᠶᠢᠷ ᠤᠨ᠂ ᠰᠢᠨᠵᠢᠶᠡᠩ ᠤᠨ᠂ ᠵᠠᠷᠤᠳ ᠬᠤᠷᠴᠢᠨ ᠤ ᠭᠡᠬᠦ ᠭᠤᠷᠪᠠᠨ | ᠭᠤᠤᠯᠳᠠᠯᠭ᠎ᠠ ᠲᠠᠢ ᠭᠠᠵᠠᠷ ᠤᠷᠤᠨ ᠪᠤᠢ᠃ ᠶᠠᠰᠤᠳᠠᠨ ᠢᠶᠠᠷ ᠨᠢ ᠨᠡᠷᠡᠯᠡᠪᠡᠯ ᠪᠠᠷᠭᠤ ᠂ ᠤᠶᠢᠷᠠᠳ ᠂ ᠵᠠᠷᠤᠳ ᠤᠨ ᠨᠤᠳᠤᠭ ᠲᠤ ᠳᠦᠪᠯᠡᠷᠡᠩᠭᠦᠢ ᠤᠷᠤᠰᠢᠵᠤ ᠪᠠᠶᠢᠨ᠎ᠠ | ᠭᠡᠰᠡᠨ ᠳ᠋ᠦᠩᠨᠡᠯᠳᠡ ᠤᠯᠤᠭᠠᠳ ᠳᠤᠮᠳᠠᠳᠦ ᠤᠯᠤᠰ ᠤᠨ ᠮᠤᠩᠭᠤᠯ ᠳᠤᠤᠯᠢ ᠶᠢᠨ ᠭᠤᠷᠪᠠᠨ ᠳᠦᠪ ᠭᠡᠵᠤ ᠳᠤᠷᠠᠳᠤᠭᠰᠠᠨ ᠪᠠᠶᠢᠪᠠ᠃ ᠢᠩᠬᠢᠭᠡᠳ ᠡᠸᠦ᠋ᠷᠤᠫᠠ ᠶᠢᠨ | ᠳᠤᠷᠠᠳᠤᠭᠰᠠᠨ ᠳᠦᠷᠪᠡᠨ ᠳᠤᠤᠯᠢ ᠶᠢᠨ ᠳᠦᠪ ᠳᠡᠭᠡᠷ᠎ᠡ ᠳᠤᠮᠳᠠᠳᠦ ᠶᠢᠨ ᠭᠤᠷᠪᠠᠨ ᠳᠦᠪ ᠢ ᠨᠡᠮᠡᠭᠡᠳ ︽ᠳᠡᠯᠡᠭᠡᠢ ᠶᠢᠨ ᠮᠤᠩᠭᠤᠯ ᠳᠤᠤᠯᠢ ᠶᠢᠨ ᠳᠤᠯᠤᠭᠠᠨ ᠳᠦᠪ︾ | ᠭᠡᠰᠡᠨ ᠭᠡᠯᠡᠯᠭᠡ ᠪᠤᠢ ᠪᠤᠯᠤᠭᠰᠠᠨ ᠪᠠᠶᠢᠳᠠᠯ ᠲᠠᠢ᠃ | ᠳᠠᠪᠤ᠂ ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ | ︽ᠮᠠᠨ ᠤ ᠤᠯᠤᠰ ᠤᠨ ᠮᠤᠩᠭᠤᠯ ᠦᠨᠳᠦᠰᠦᠳᠡᠨ ᠤ ᠪᠠᠭᠠᠳᠤᠷᠯᠢᠭ ᠳᠤᠤᠯᠢ ᠶᠢᠨ ᠳᠤᠳᠤᠷ᠎ᠠ ᠬᠦᠯᠦᠨ ᠪᠤᠶᠢᠷ ᠬᠤᠳᠠ ᠶᠢᠨ ᠪᠠᠷᠭᠤ ᠨᠤᠳᠤᠭ ᠠᠴᠠ | ᠤᠯᠳᠠᠭᠰᠠᠨ ᠳᠤᠤᠯᠢ ᠬᠠᠮᠤᠭ ᠤᠨ ᠤᠯᠠᠨ ᠪᠤᠢ︾ ᠭᠡᠵᠤ ᠵ᠊ · ᠷᠢᠨᠴᠢᠨᠳᠤᠷᠵᠢ ᠶᠠᠷᠢᠭᠰᠠᠨ ᠪᠠᠶᠢᠳᠠᠭ᠃ ᠳᠡᠭᠡᠭᠦᠯᠡᠷ ᠪᠢ ᠳᠠᠯᠠᠭᠠᠳ ᠤᠨ ᠤ ᠰᠡᠭᠦᠯᠴᠢ ᠠᠴᠠ ᠡᠬᠢᠯᠡᠨ | ᠨᠠᠶᠠ᠂ ᠶᠡᠷᠡᠭᠡᠳ ᠤᠨ ᠤ ᠬᠤᠭᠤᠷᠤᠨᠳᠦ ᠪᠠᠷᠭᠤ ᠳᠤᠤᠯᠢ ᠶᠢ ᠠᠩᠬᠠᠷᠤᠨ ᠴᠤᠭᠯᠠᠭᠤᠯᠵᠤ᠂ ᠠᠳᠡ ᠳᠡᠨᠳᠡ ᠨᠡᠶᠢᠳᠡᠯᠡᠭᠳᠡᠭᠰᠡᠨ ᠵᠦᠢᠯ ᠢ ᠴᠤᠭᠯᠠᠭᠤᠯᠵᠤ | ᠬᠤᠷᠢᠶᠠᠬᠤ ᠠᠴᠠ ᠭᠠᠳᠠᠨ᠎ᠠ ᠨᠠᠰᠤᠳᠠᠢ ᠳᠤᠮᠤᠭᠠᠳᠠᠢ ᠦᠯᠢᠭᠡᠷᠴᠢ ᠳᠤᠤᠯᠢᠴᠢ ᠨᠠᠷ ᠢ ᠬᠠᠶᠢᠨ ᠰᠤᠷᠪᠤᠯᠵᠢᠯᠠᠭᠰᠠᠭᠠᠷ ᠨᠡᠯᠢᠶᠡᠳ ᠰᠢᠨ᠎ᠡ ᠬᠤᠪᠢᠯᠪᠤᠷᠢ ᠶᠢ ᠤᠯᠤᠭᠰᠠᠨ | ᠶᠤᠮ᠃ ᠢᠩᠬᠢᠭᠡᠳ 2009 ᠤᠨ ᠳᠤ ᠨᠡᠶᠢᠳᠡ ᠭᠤᠴᠢᠨ ᠳᠤᠤᠯᠢ ︵ᠬᠤᠪᠢᠯᠪᠤᠷᠢ ᠪᠠᠭᠳᠠᠨ᠎ᠠ︶ ᠪᠠᠷ ︽ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ︾ ᠬᠡᠮᠡᠬᠦ | ᠨᠡᠶᠢᠳᠡ ᠬᠤᠶᠠᠷ ᠳᠦᠮᠡ ᠭᠠᠷᠤᠢ ᠮᠦᠷ ᠰᠢᠯᠦᠭ ᠪᠦᠭᠦᠢ ᠤᠬᠤᠷ ᠳᠤᠤᠯᠢ ᠶᠢᠨ ᠡᠮᠬᠢᠳᠭᠡᠯ ᠢ ᠬᠡᠪᠯᠡᠭᠦᠯᠵᠡᠢ᠃ ᠪᠠᠷᠭᠤ ᠪᠤᠷᠢᠶᠠᠳ ᠳᠤᠤᠯᠢ ᠭᠡᠬᠦ ᠶᠢᠨ ᠤᠴᠢᠷ ᠨᠢ 1. | ᠳᠡᠦᠭᠡᠨ ᠳᠡᠭᠡᠷ᠎ᠡ ᠡᠷᠳᠡᠨ ᠤ ᠳᠦᠷᠪᠡᠨ ᠤᠶᠢᠷᠠᠳ ᠤᠨ ᠬᠤᠯᠪᠤᠭᠠᠨ ᠳᠤ ᠪᠠᠷᠭᠤ᠂ ᠪᠤᠷᠢᠶᠠᠳ᠂ ᠦᠭᠡᠯᠡᠳ ᠪᠠᠭᠳᠠᠯᠴᠠᠵᠤ ᠪᠠᠶᠢᠭᠰᠠᠨ ᠪᠦᠭᠡᠳ ᠤᠳᠤ ᠴᠦ ᠭᠡᠰᠡᠨ | ᠬᠦᠯᠦᠨ ᠪᠤᠶᠢᠷ ᠨᠤᠳᠤᠭ ᠲᠤ ᠪᠠᠷᠭᠤ ᠪᠤᠷᠢᠶᠠᠳ ᠦᠭᠡᠯᠡᠳ ᠶᠠᠰᠤᠳᠠᠨ ᠬᠠᠷᠢᠯᠴᠠᠨ ᠬᠦᠷᠰᠢᠯᠡᠵᠤ ᠡᠶ᠎ᠡ ᠨᠠᠶᠢᠷᠳᠠᠢ ᠠᠮᠢᠳᠤᠷᠠᠭᠠᠳ ᠭᠤᠷᠪᠠᠨ ᠵᠠᠭᠤ ᠰᠢᠬᠠᠮ ᠵᠢᠯ ᠤᠨ | ᠳᠡᠦᠭᠡ ᠶᠢ ᠡᠯᠡᠭᠡᠵᠤ ᠪᠠᠶᠢᠨ᠎ᠠ᠃ 2. ᠷᠢᠨᠴᠢᠨᠳᠤᠷᠵᠢ ᠭᠤᠸᠠᠢ ᠵᠢᠷᠠᠭᠠᠳ ᠤᠨ ᠤ ᠡᠬᠢ ᠪᠠᠷ ᠠᠷᠠᠳ ᠤᠨ ᠠᠮᠠᠨ ᠵᠤᠬᠢᠶᠠᠯ ᠢ ᠰᠠᠷ᠎ᠠ ᠭᠠᠷᠦ᠋ᠢᠬᠠᠨ ᠬᠤᠭᠤᠴᠠᠭᠠᠨ ᠳᠤ | ᠬᠠᠶᠢᠨ ᠴᠤᠭᠯᠠᠭᠤᠯᠬᠤ ᠳᠠᠭᠠᠨ ᠭᠤᠤᠯᠳᠠᠭᠤ ᠳᠡᠮᠦᠷ ᠵᠠᠮ ᠳᠠᠭᠠᠭᠰᠠᠨ ᠭᠤᠷᠪᠠᠨ ᠪᠠᠷᠭᠤ ᠬᠤᠰᠢᠭᠤᠨ ᠤ ᠮᠠᠯᠴᠢᠳ ᠠᠴᠠ ᠰᠤᠷᠪᠤᠯᠵᠢᠯᠠᠵᠤ ᠤᠯᠤᠭᠰᠠᠨ | ᠮᠠᠲ᠋ᠧᠷᠢᠶᠠᠯ ᠢᠶᠠᠷ ᠰᠠᠭᠤᠷᠢᠯᠠᠨ ᠪᠠᠷᠭᠤ ᠳᠤᠤᠯᠢ ᠶᠢ ᠳᠤᠰᠬᠠᠶᠢᠯᠠᠨ ᠰᠤᠳᠤᠯᠤᠭᠰᠠᠨ ᠪᠠᠶᠢᠨ᠎ᠠ᠃ ᠭᠡᠬᠦ ᠳᠡᠭᠡᠨ ᠳᠡᠮᠦᠷ ᠵᠠᠮ ᠠᠴᠠ ᠵᠠᠶᠢᠳᠠᠭᠤ ᠰᠢᠨ᠎ᠡ ᠪᠠᠷᠭᠤ ᠵᠡᠭᠦᠨ | ᠬᠤᠰᠢᠭᠤ᠂ ᠪᠤᠷᠢᠶᠠᠳ᠂ ᠦᠭᠡᠯᠡᠳ ᠨᠤᠳᠤᠭ ᠢᠶᠠᠷ ᠨᠡᠶᠢᠳᠡᠮ ᠶᠠᠪᠤᠵᠤ ᠠᠮᠵᠢᠭᠰᠠᠨ ᠦᠭᠡᠢ ᠨᠢ ᠢᠯᠡᠭᠡᠨ ᠪᠠᠶᠢᠨ᠎ᠠ᠃ ᠡᠭᠦᠨ ᠢ ᠭᠡᠵᠢᠶ ᠡ ᠬᠤᠶᠢᠨ᠎ᠡ | ᠴᠤᠭᠯᠠᠭᠤᠯᠤᠭᠰᠠᠨ ᠳᠤᠭᠳᠠᠬᠤ᠂ ᠯᠠᠰᠤᠭᠮᠠ ᠨᠠᠷ ᠤᠨ 1995 ᠤᠨ ᠳᠤ ᠨᠡᠶᠢᠳᠡᠯᠡᠭᠰᠡᠨ ᠪᠦᠳᠦᠭᠡᠯ ᠠᠴᠠ ᠪᠠᠰᠠ ᠮᠡᠳᠡᠵᠤ ᠪᠤᠯᠤᠨ᠎ᠠ᠃ ᠡᠶᠢᠮᠦ ᠠᠴᠠ ᠪᠢ ᠬᠦᠯᠦᠨ | ᠪᠤᠶᠢᠷ ᠤᠨ ᠮᠤᠩᠭᠤᠯ ᠳᠤᠤᠯᠢ ᠶᠢᠨ ᠦᠨᠳᠦᠰᠦᠨ ᠪᠠᠶᠢᠳᠠᠯ ᠢ ᠠᠯᠢ ᠴᠢᠳᠠᠬᠤ ᠪᠠᠷ ᠪᠦᠷᠢᠳᠦᠭᠦᠯᠬᠦ ᠡᠭᠦᠳᠡᠨ ᠠᠴᠠ ᠤᠯᠳᠠᠭᠰᠠᠨ ᠵᠦᠢᠯ ᠢᠶᠠᠨ ᠪᠦᠷ ᠪᠠᠭᠳᠠᠭᠠᠵᠤ᠂ | ᠳᠤᠤᠯᠢᠴᠢ ᠨᠠᠷ ᠢ ᠳᠤᠰ ᠳᠤᠰ ᠲᠤᠨᠢ ᠪᠤᠳᠠᠳᠠᠢ ᠳᠠᠨᠢᠯᠴᠠᠭᠤᠯᠬᠤ ᠶᠢ ᠬᠢᠴᠢᠶᠡᠪᠡ᠃ ᠭᠡᠬᠦ ᠳᠡᠭᠡᠨ ᠳᠡᠮᠳᠡᠭᠯᠡᠭᠦᠰᠢᠳᠡᠢ ᠨᠢ ᠪᠠᠷᠭᠤ ᠪᠤᠷᠢᠶᠠᠳ ᠳᠤᠤᠯᠢ ᠶᠢᠨ ᠬᠤᠭᠤᠷᠤᠨᠳᠦ | ᠳᠠᠪᠬᠤᠴᠠᠭᠰᠠᠨ ᠳᠤᠤᠯᠢ ᠪᠤᠶᠤ ᠨᠢᠭᠡ ᠨᠢᠭᠡᠨ ᠳᠡᠭᠡᠨ ᠵᠢᠭᠡᠯᠡᠭᠳᠡᠭᠰᠡᠨ ᠬᠤᠪᠢᠯᠪᠤᠷᠢ ᠶᠡᠷᠦ ᠳᠤᠬᠢᠶᠠᠯᠳᠤᠭᠰᠠᠨ ᠦᠭᠡᠢ ᠨᠢ ᠪᠠᠰᠠ ᠰᠤᠨᠢᠷᠬᠠᠯᠳᠠᠢ᠃ | ᠬᠠᠷᠢᠨ ᠰᠠᠨᠠᠮᠰᠠᠷ ᠦᠭᠡᠢ ᠨᠢᠭᠡᠨ ᠤᠴᠢᠷ ᠪᠤᠯ 2010 ᠤᠨ ᠳᠤ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠠᠴᠠ ︽ᠬᠦᠯᠦᠨ ᠪᠤᠶᠢᠷ ᠤᠨ | ᠪᠠᠷᠭᠤ ᠪᠤᠷᠢᠶᠠᠳ ᠳᠤᠤᠯᠢ︾ ᠨᠤᠮ ᠢ ᠬᠦᠨ ᠤᠬᠠᠭᠠᠨ ᠨᠡᠶᠢᠭᠡᠮ ᠤᠨ ᠰᠢᠨᠵᠢᠯᠡᠬᠦ ᠤᠬᠠᠭᠠᠨ ᠤ ᠦᠷ᠎ᠡ ᠪᠦᠳᠦᠭᠡᠯ ᠵᠶᠠᠷ ᠱᠠᠩᠨᠠᠵᠤ᠂ ᠤᠯᠠᠮ ᠢᠶᠠᠷ ︽ᠪᠠᠷᠭᠤ | ᠠᠷᠠᠳ ᠤᠨ ᠪᠠᠭᠠᠳᠤᠷᠯᠢᠭ ᠳᠤᠤᠯᠢ︾ ᠶᠢ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠳᠤᠭᠳᠠᠭᠠᠭᠰᠠᠨ ᠪᠠᠶᠢᠨ᠎ᠠ᠃ ᠢᠩᠬᠢᠭᠡᠳ ᠳᠤᠤᠯᠢ ᠶᠢᠨ | ᠰᠤᠳᠤᠯᠭᠠᠨ ᠠᠴᠠ ᠭᠤᠭᠤᠵᠢᠭᠳᠠᠭᠰᠠᠨ ᠬᠦᠯᠦᠨ ᠪᠤᠶᠢᠷ ᠤᠨ ᠮᠤᠩᠭᠤᠯ ᠳᠤᠤᠯᠢ ᠶᠢᠨ ᠰᠤᠳᠤᠯᠭᠠᠨ ᠳᠠᠬᠢᠨᠳᠠ ᠡᠷᠳᠡᠮ ᠰᠢᠨᠵᠢᠯᠡᠭᠡᠨ ᠤ ᠡᠷᠬᠢᠯᠳᠡ ᠳᠤ ᠤᠯᠵᠤ | ᠳᠦᠷᠦᠭᠡᠯᠡᠭᠰᠡᠨ ᠤᠴᠢᠷ ᠪᠤᠯᠵᠤ ᠪᠠᠶᠢᠨ᠎ᠠ᠃ ᠭᠡᠪᠡᠴᠦ ᠪᠠᠰᠠ ᠰᠤᠷᠤᠯᠴᠠᠬᠤ᠂ ᠰᠤᠳᠤᠯᠬᠤ᠂ ᠵᠠᠯᠭᠠᠮᠵᠢᠯᠠᠬᠤ᠂ ᠳᠡᠯᠭᠡᠷᠡᠭᠦᠯᠬᠦ ᠠᠵᠢᠯ ᠡᠭᠦᠷᠭᠡ ᠮᠠᠰᠢ ᠶᠡᠭᠡ ᠪᠠᠶᠢᠭᠰᠠᠭᠠᠷ᠃ | ᠨᠠᠭᠠᠨ᠎ᠠ ᠭᠡᠯᠡᠬᠦ ᠳᠤ ᠮᠢᠩᠭ᠎ᠠ ᠭᠠᠷᠤᠢ ᠵᠢᠯ ᠤᠨ ᠳᠡᠦᠭᠡ ᠲᠠᠢ᠂ ᠳᠡᠯᠡᠭᠡᠢ ᠳᠤ ᠨᠡᠷᠡᠳᠡᠢ ᠳᠤᠤᠯᠢ ᠪᠠᠨ ᠤᠷᠠᠯᠢᠭ ᠤᠨ ᠳᠠᠯ᠎ᠠ ᠪᠠᠷ ᠨᠡᠭᠡᠭᠡᠨ ᠠᠰᠢᠭᠯᠠᠬᠤ᠂ ᠬᠤᠶᠢᠴᠢ | ᠦᠶ᠎ᠡ ᠳᠡᠭᠡᠨ ᠦᠪᠯᠡᠨ ᠤᠯᠠᠮᠵᠢᠯᠠᠭᠤᠯᠬᠤ᠂ ᠤᠨᠤᠯ ᠵᠦᠢ ᠶᠢᠨ ᠬᠤᠪᠢ ᠠᠴᠠ ᠰᠤᠳᠤᠯᠤᠨ ᠰᠢᠨᠵᠢᠯᠡᠬᠦ ᠭᠡᠷᠡᠭᠴᠡᠭᠡ ᠱᠠᠭᠠᠷᠳᠠᠯᠭ᠎ᠠ ᠴᠦ ᠶᠡᠭᠡ ᠪᠤᠢ᠃ ᠲᠤᠮᠳᠠᠳᠤ | ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠷᠢᠨᠴᠢᠨᠳᠤᠷᠵᠢ ᠶᠢᠨ ︽ᠪᠠᠷᠭᠤ ᠠᠷᠠᠳ ᠤᠨ | ᠪᠠᠭᠠᠳᠤᠷᠯᠢᠭ ᠳᠤᠤᠯᠢ ᠨᠢ ᠨᠢᠭᠡᠨ ᠭᠡᠮᠵᠢᠶ᠎ᠡ ᠪᠠᠷ ᠪᠤᠰᠤᠳ ᠤᠷᠤᠨ ᠤ ᠳᠤᠤᠯᠢᠰ ᠢ ᠳᠦᠯᠦᠭᠡᠯᠡᠬᠦ ᠴᠢᠨᠠᠷᠳᠠᠢ ᠪᠠᠶᠢᠳᠠᠭ︾ ︵︽ᠮᠤᠩᠭᠤᠯ ᠳᠤᠤᠯᠢ ᠶᠢᠨ ᠳᠤᠪᠴᠢᠶᠠᠨ︾ | ᠨᠤᠮ ᠤᠨ 118 ᠳ᠋ᠤᠭᠠᠷ ᠨᠢᠭᠤᠷ︶ ᠭᠡᠰᠡᠨ ᠰᠢᠭ ᠢᠶᠠᠷ ᠮᠠᠨ ᠤ ᠬᠦᠯᠦᠨ ᠪᠤᠶᠢᠷᠴᠤᠳ ᠳᠡᠯᠡᠭᠡᠢ ᠳᠤ ᠬᠤᠪᠤᠷᠬᠠᠨ ᠰᠤᠶᠤᠯ ᠤᠨ ᠦᠪ ᠢᠶᠠᠨ ᠨᠠᠨᠳᠢᠩᠨᠠᠵᠤ᠂ | ᠦᠪᠡᠷᠰᠡᠳ ᠤᠨ ᠡᠷᠳᠡᠨᠢ ᠰᠤᠪᠤᠳ ᠵᠶᠠᠨ ᠡᠪᠡᠰᠦ ᠰᠢᠷᠤᠢ ᠪᠠᠷ ᠬᠤᠳᠬᠤᠬᠤ ᠦᠭᠡᠢ ᠪᠠᠶᠢᠭᠠᠰᠠᠢ ᠭᠡᠵᠤ ᠪᠤᠳᠤᠨᠠᠮ᠃ | ᠵᠢᠷᠭᠤᠭ᠎ᠠ᠂ ᠪᠠᠷᠭᠤ ᠳᠤᠤᠯᠢ ᠶᠢᠨ ᠳᠠᠷᠬᠠᠴᠠ ᠪᠠ ᠭᠤᠤᠯ ᠭᠠᠵᠠᠷ ᠤᠷᠤᠨ | ᠪᠠᠷᠭᠤ ᠶᠢᠨ ᠡᠷᠳᠡᠨ ᠤ ᠤᠬᠤᠷ ᠳᠤᠤᠯᠢ ᠶᠢᠨ ᠳᠠᠷᠬᠠᠴᠠ ᠶᠢᠨ ᠪᠠᠶᠢᠳᠠᠯ ᠢ 1962 ᠤᠨ ᠳᠤ ᠷᠢᠨᠴᠢᠨᠳᠤᠷᠵᠢ ᠭᠤᠸᠠᠢ ᠶᠢᠨ ᠬᠠᠶᠢᠨ ᠴᠤᠭᠯᠠᠭᠤᠯᠤᠭᠰᠠᠨ | ᠬᠤᠷᠢ ᠰᠢᠬᠠᠮ ᠳᠤᠤᠯᠢ ᠶᠢᠨ ᠳᠦᠴᠢ ᠭᠠᠷᠤᠢ ᠬᠤᠪᠢᠯᠪᠤᠷᠢ ᠳᠤᠳᠤᠷᠬᠠᠢ ᠬᠠᠷᠠᠭᠤᠯᠵᠤ ᠪᠠᠶᠢᠨ᠎ᠠ᠃ ᠪᠠᠰᠠ ᠳ᠋ᠤᠺᠲ᠋ᠤᠷ ᠳᠤᠯᠠᠭᠠᠨ ᠤ ︽ᠰᠢᠯᠢᠨ ᠭᠠᠯᠵᠠᠭᠤ ᠪᠠᠭᠠᠳᠤᠷ | ᠳᠤᠤᠯᠢ ᠶᠢᠨ ᠬᠠᠷᠢᠴᠠᠭᠤᠯᠤᠭᠰᠠᠨ ᠰᠤᠳᠤᠯᠤᠯ ᠬᠢᠭᠡᠳ ᠲᠧᠺᠰᠲ ᠡᠮᠬᠢᠳᠭᠡᠯ︾ ᠳᠤ ᠨᠡᠶᠢᠳᠡᠯᠡᠭᠰᠡᠨ 15 ᠬᠤᠪᠢ ︽ᠰᠢᠯᠢᠨ ᠭᠠᠯᠵᠠᠭᠤ ᠪᠠᠭᠠᠳᠤᠷ︾ ᠳᠤᠤᠯᠢ ᠶᠢᠨ | ᠳᠠᠷᠬᠠᠴᠠ ᠶᠢᠨ ᠭᠠᠵᠠᠷ ᠤᠨ ᠵᠢᠷᠤᠭ ᠠᠴᠠ ᠦᠵᠡᠬᠦ ᠳᠤ ᠬᠠᠭᠠᠰ ᠤᠷᠴᠢᠮ ᠨᠢ ᠮᠤᠩᠭᠤᠯ ᠤᠯᠤᠰ ᠠᠴᠠ᠂ ᠬᠠᠭᠠᠰ ᠤᠷᠴᠢᠮ ᠨᠢ ᠳᠤᠮᠳᠠᠳᠦ ᠤᠯᠤᠰ ᠠᠴᠠ ᠤᠯᠳᠠᠭᠰᠠᠨ | ᠪᠠᠶᠢᠨ᠎ᠠ᠃ ᠦᠪᠦᠷ ᠮᠤᠩᠭᠤᠯ ᠠᠴᠠ ᠤᠯᠳᠠᠭᠰᠠᠨ 7 ᠬᠤᠪᠢ ᠶᠢᠨ 5 ᠨᠢ ᠬᠦᠯᠦᠨ ᠪᠤᠶᠢᠷ ᠤᠨ ᠪᠠᠷᠭᠤ ᠬᠤᠰᠢᠭᠤᠳ ᠠᠴᠠ ᠤᠯᠳᠠᠭᠰᠠᠨ ᠪᠠᠶᠢᠳᠠᠭ᠃ ᠡᠭᠦᠨ ᠠᠴᠠ | ᠦᠵᠡᠬᠦᠳᠤ ᠪᠠᠷᠭᠤ ᠳᠤᠤᠯᠢ ᠶᠢᠨ ᠳᠠᠷᠬᠠᠴᠠ ᠶᠢᠨ ᠪᠠᠶᠢᠳᠠᠯ ᠢ ᠨᠢᠭᠡᠨ ᠭᠡᠮᠵᠢᠶᠡᠨ ᠳᠤ ᠤᠶᠢᠯᠠᠭᠠᠵᠤ ᠪᠤᠯᠤᠨ᠎ᠠ᠃ ᠦᠭᠡᠷ᠎ᠡ ᠪᠠᠷ ᠭᠡᠯᠡᠪᠡᠯ ᠳᠡᠦᠭᠡᠨ ᠰᠢᠯᠳᠠᠭᠠᠨ ᠠᠴᠠ | ᠪᠤᠯᠵᠤ᠂ ᠠᠽᠢᠶ᠎ᠠ ᠡᠸᠦ᠋ᠷᠤᠫᠠ ᠪᠠᠷ ᠳᠠᠷᠬᠠᠭᠰᠠᠨ ᠪᠠᠷᠭᠤᠴᠤᠳ ᠤᠨ ᠭᠤᠤᠯ ᠳᠦᠪᠯᠡᠷᠡᠯ ᠨᠢ ᠬᠦᠯᠦᠨ ᠪᠤᠶᠢᠷ ᠤᠨ ᠭᠤᠷᠪᠠᠨ ᠪᠠᠷᠭᠤ ᠬᠤᠰᠢᠭᠤ ᠪᠤᠯᠬᠤ ᠶᠢ ᠬᠠᠷᠠᠭᠤᠯᠵᠤ | ᠪᠤᠢ᠃ | ᠪᠠᠷᠭᠤ ᠳᠤᠤᠯᠢ ᠶᠢᠨ ᠡᠭᠦᠰᠦᠭᠰᠡᠨ ᠭᠠᠵᠠᠷ ᠤᠷᠤᠨ ᠢ ᠡᠷᠳᠡᠮᠳᠡᠳ ᠶᠡᠷᠦᠩᠭᠡᠢ ᠳᠡᠭᠡᠨ ᠡᠷᠳᠡᠨ ᠤ ᠤᠢ ᠶᠢᠨ ᠢᠷᠭᠡᠳ ᠪᠤᠯᠬᠤ ᠪᠠᠷᠭᠤ᠂ ᠪᠤᠷᠢᠶᠠᠳ᠂ | ᠦᠭᠡᠯᠡᠳ ᠤᠨ ᠨᠤᠳᠤᠭ ᠲᠤ ᠡᠭᠦᠰᠦᠭᠰᠡᠨ ᠭᠡᠵᠤ ᠦᠵᠡᠵᠡᠭᠡᠵᠤ ᠪᠠᠶᠢᠨ᠎ᠠ᠃ ᠡᠰᠡᠭᠦᠯ᠎ᠡ ᠡᠷᠳᠡᠨ ᠤ ᠪᠠᠷᠭᠤᠵᠢᠨ ᠨᠤᠳᠤᠭ ᠭᠡᠵᠤ ᠤᠨᠤᠭᠠᠵᠤ ᠳᠤᠷᠠᠳᠤᠭᠰᠠᠨ ᠨᠢ ᠪᠠᠰᠠ | ᠪᠤᠢ᠃ ᠮᠢᠨᠤ ᠡᠮᠬᠢᠳᠭᠡᠵᠤ ᠴᠤᠭᠯᠠᠭᠤᠯᠤᠭᠰᠠᠨ ᠪᠠᠷᠭᠤ ᠳᠤᠤᠯᠢ ᠶᠢᠨ ᠤᠯᠠᠩᠬᠢ ᠨᠢ ᠷᠢᠨᠴᠢᠨᠳᠤᠷᠵᠢ ᠭᠤᠸᠠᠢ ᠶᠢᠨ ᠡᠮᠬᠢᠳᠭᠡᠭᠰᠡᠨ ᠳᠤᠤᠯᠢ ᠶᠢᠨ ᠬᠤᠪᠢᠯᠪᠤᠷᠢ ᠨᠤᠭᠤᠳ | ᠪᠠᠶᠢᠭᠰᠠᠨ ᠪᠤᠯᠪᠠᠴᠤ ᠬᠠᠷᠢᠨ ᠶᠠᠷᠢᠭᠰᠠᠨ ᠳᠤᠤᠯᠢᠴᠢ ᠨᠠᠷ ᠨᠢ ᠪᠦᠷ ᠦᠭᠡᠷ᠎ᠡ ᠬᠦᠮᠦᠰ ᠪᠠᠶᠢᠭᠰᠠᠨ ᠶᠤᠮ᠃ ᠡᠳᠡᠭᠡᠷ ᠳᠤᠤᠯᠢᠴᠢ ᠨᠠᠷ ᠤᠨ ᠳᠠᠷᠬᠠᠭᠰᠠᠨ ᠭᠠᠵᠠᠷ ᠪᠤᠯᠤᠨ | ᠪᠠᠶᠢᠷᠢ ᠨᠢ ᠪᠠᠰᠠ ᠷᠢᠨᠴᠢᠨᠳᠤᠷᠵᠢ ᠭᠤᠸᠠᠢ ᠶᠢᠨ ᠬᠦᠷᠦᠭᠰᠡᠨ ᠭᠠᠵᠠᠷ ᠤᠨ ᠬᠢ ᠲᠠᠢ ᠵᠦᠷᠢᠶ᠎ᠡ ᠲᠠᠢ ᠶᠤᠮ᠃ ᠡᠨᠡ ᠨᠢ ᠪᠠᠷᠭᠤ ᠳᠤᠤᠯᠢ ᠶᠢᠨ ᠳᠠᠷᠬᠠᠴᠠ ᠪᠠ ᠳᠤᠭ᠎ᠠ | ᠳᠠᠪᠳᠠᠮᠵᠢ ᠶᠢ ᠤᠯᠠᠮ ᠨᠡᠮᠡᠭᠳᠡᠭᠦᠯᠪᠡ᠃ | ᠳᠤᠯᠤᠭ᠎ᠠ᠂ ᠪᠠᠷᠭᠤ ᠳᠤᠤᠯᠢ ᠶᠢᠨ ᠦᠪᠡᠷᠮᠢᠴᠡ ᠤᠨᠴᠠᠯᠢᠭ | 1. ᠠᠭᠤᠯᠭ᠎ᠠ ᠨᠢ ᠡᠷᠳᠡᠨ ᠤ ᠤᠪᠤᠭ ᠳᠦᠷᠦᠯ ᠤᠨ ᠨᠡᠶᠢᠭᠡᠮ ᠤᠨ ᠰᠢᠨᠵᠢ ᠲᠠᠢ︔ 2. ᠪᠦᠳᠦᠴᠡ ᠨᠢ ᠨᠢᠭᠡ ᠬᠤᠶᠠᠷ ᠠᠭᠤᠯᠭ᠎ᠠ ᠪᠠᠷ ᠪᠦᠷᠢᠯᠳᠦᠭᠰᠡᠨ | ᠴᠤᠯᠭᠤᠢ ᠪᠠᠶᠢᠳᠠᠯ ᠲᠠᠢ︔ 3. ᠭᠤᠤᠯ ᠪᠠᠭᠠᠳᠤᠷ ᠨᠢ ᠭᠤᠤᠯᠳᠠᠭᠤ ᠭᠠᠭᠴᠠ ᠪᠠᠭᠠᠳᠤᠷ ᠪᠤᠶᠤ ᠮᠠᠩᠭᠤᠳ ᠪᠠᠶᠢᠳᠠᠭ︔ 4. ᠦᠯᠢᠭᠡᠷ ᠦᠢᠯᠡ ᠶᠠᠪᠤᠳᠠᠯ ᠨᠢ ᠳᠤᠪᠴᠢ | ᠰᠢᠯᠤᠭᠤᠨ ᠬᠦᠭᠵᠢᠳᠡᠭ︔ 5. ᠳᠠᠶᠢᠳᠤᠬᠤ ᠭᠡᠪᠴᠢᠶ᠎ᠡ ᠨᠢ ᠬᠤᠶᠠᠷ ᠭᠤᠤᠯ ᠤᠷᠤᠯᠴᠠᠭᠴᠢ ᠪᠠᠷ ᠬᠢᠵᠠᠭᠠᠷᠯᠠᠨ᠎ᠠ︔ 6. ᠢᠯᠡᠳᠭᠡᠬᠦ ᠭᠡᠯᠪᠡᠷᠢ ᠨᠢ ᠰᠢᠯᠦᠭᠯᠡᠬᠦ ᠪᠠᠷ | ᠭᠤᠤᠯ ᠪᠤᠯᠭᠠᠵᠤ᠂ ᠬᠦᠦᠷᠨᠢᠬᠦ ᠤᠶᠠᠯᠳᠤᠨᠠ︔ 7. ᠦᠯᠢᠭᠡᠷ ᠤᠨ ᠬᠡᠪᠴᠢᠶ᠎ᠡ ᠨᠢ ᠤᠯᠠᠩᠬᠢ ᠳᠠᠭᠠᠨ 1 — 2 ᠮᠢᠩᠭᠠᠨ ᠮᠦᠷ ᠤᠷᠴᠢᠮ ᠰᠢᠯᠦᠭ ᠪᠠᠶᠢᠳᠠᠭ᠃ | ᠳᠡᠭᠡᠷ᠎ᠡ ᠦᠶ᠎ᠡ ᠳᠤ ᠨᠢᠭᠡ ᠬᠤᠶᠠᠷ ᠡᠳᠦᠷ ᠢᠶᠠᠷ ᠶᠠᠷᠢᠳᠠᠭ ᠤᠷᠳᠤ ᠳᠤᠤᠯᠢ ᠪᠠᠶᠢᠭᠰᠠᠨ ᠭᠡᠬᠦ ᠶᠠᠷᠢᠶ᠎ᠠ ᠪᠠᠶᠢᠳᠠᠭ ᠪᠤᠯᠪᠠᠴᠤ ᠦᠯᠡᠳᠡᠵᠤ ᠤᠯᠳᠠᠭᠰᠠᠨ ᠵᠦᠢᠯ ᠦᠭᠡᠢ᠃8. | ᠪᠠᠷᠭᠤ ᠳᠤᠤᠯᠢ ᠶᠢᠨ ᠭᠤᠤᠯ ᠪᠠᠭᠠᠳᠤᠷ ᠨᠢ ᠭᠡᠵᠢᠶᠡᠳᠡ ᠢᠯᠠᠯᠳᠠ ᠪᠠᠷ ᠳᠡᠭᠦᠰᠳᠡᠭ ᠤᠨᠴᠠᠯᠢᠭ ᠲᠠᠢ︔ | ᠨᠠᠢᠮᠠ᠂ ᠮᠤᠩᠭᠤᠯ ᠳᠤᠤᠯᠢ ᠶᠢᠨ ᠨᠡᠶᠢᠳᠡᠯᠢᠭ ᠤᠨᠴᠠᠯᠢᠭ | 1. ᠮᠤᠩᠭᠤᠯ ᠳᠤᠤᠯᠢ ᠪᠤᠯ ᠤᠪᠤᠭ ᠠᠶᠢᠮᠠᠭ ᠤᠨ ᠨᠡᠶᠢᠭᠡᠮ ᠪᠤᠯᠤᠨ ᠹᠸᠤᠳᠠᠯ ᠨᠡᠶᠢᠭᠡᠮ ᠤᠨ ᠴᠠᠭ ᠦᠶ᠎ᠡ ᠶᠢ ᠵᠠᠭᠠᠭᠯᠠᠭᠰᠠᠨ ᠤᠨᠴᠠᠯᠢᠭ ᠲᠠᠢ᠃ 13 | ᠳ᠋ᠤᠭᠠᠷ ᠵᠠᠭᠤᠨ ᠤ ᠦᠶ᠎ᠡ ᠳᠤ ᠦᠨᠳᠦᠰᠦᠨ ᠳᠦᠯᠦᠪ ᠨᠢ ᠨᠢᠭᠡᠨᠳᠡ ᠳᠤᠭᠳᠠᠪᠤᠷᠢᠵᠢᠭᠠᠳ ᠳᠤᠤᠯᠢ ᠶᠢᠨ ᠵᠠᠭᠪᠤᠷ ᠵᠤᠭᠰᠤᠩᠭᠤᠶᠢᠷᠠᠭᠰᠠᠨ ᠪᠠᠶᠢᠨ᠎ᠠ︔ 2. ᠳᠡᠦᠭᠡ ᠶᠢᠨ | ᠤᠷᠳᠤ ᠬᠤᠭᠤᠴᠠᠭᠠᠨ ᠳᠤ ᠬᠦᠳᠡᠭᠡ ᠨᠤᠳᠤᠭ ᠲᠤ ᠴᠢᠯᠦᠭᠡᠳᠡᠢ ᠳᠠᠷᠬᠠᠨ ᠳᠡᠯᠭᠡᠷᠡᠵᠤ᠂ ᠮᠠᠰᠢ ᠤᠯᠠᠨ ᠬᠤᠪᠢᠯᠪᠤᠷᠢ ᠲᠠᠢ ᠪᠤᠯᠤᠨ ᠬᠦᠭᠵᠢᠵᠡᠢ᠃ ᠡᠨᠡ ᠨᠢ | ᠮᠤᠩᠭᠤᠯ ᠤᠨ ᠨᠡᠶᠢᠭᠡᠮ ᠤᠨ ᠳᠡᠦᠭᠡᠨ ᠬᠦᠭᠵᠢᠯ ᠤᠨ ᠰᠢᠯᠳᠠᠭᠠᠨ ᠲᠠᠢ ᠤᠶᠠᠯᠳᠤᠨᠠ︔ 3. ᠡᠯ᠎ᠡ ᠳᠦᠷᠦᠯ ᠤᠨ ᠠᠳᠠᠯᠢ ᠪᠤᠰᠤ ᠳᠤᠤᠯᠢ ᠨᠢ ᠪᠦᠰᠡ ᠨᠤᠳᠤᠭ ᠤᠨ | ᠵᠦᠷᠢᠶ᠎ᠡ ᠪᠠᠷ ᠢᠯᠡᠷᠭᠡᠢ ᠦᠪᠡᠷᠮᠢᠴᠡ ᠤᠨᠴᠠᠯᠢᠭ ᠲᠠᠢ ᠪᠠᠶᠢᠳᠠᠭ᠃ ᠵᠢᠱᠢᠶᠡᠯᠡᠪᠡᠯ ᠪᠠᠷᠭᠤ ᠳᠤ ᠪᠠᠯᠠᠷᠯᠢᠭ ᠡᠷᠳᠡᠨ ᠤ ᠤᠬᠤᠷ ᠳᠤᠤᠯᠢ ᠮᠠᠰᠢ ᠤᠯᠠᠨ ᠪᠠᠶᠢᠬᠤ ᠳᠤ | ᠤᠶᠢᠷᠠᠳ ᠲᠤ ᠳᠤᠮᠳᠠᠳᠦ ᠡᠷᠳᠡᠨ ᠤ ᠤᠯᠠᠨ ᠠᠭᠤᠯᠭ᠎ᠠ ᠬᠠᠪᠰᠤᠷᠤᠭᠰᠠᠨ ᠤᠷᠳᠤ ᠮᠦᠴᠡᠯᠭᠡ ᠳᠤᠤᠯᠢ ᠶᠡᠭᠡ ᠬᠦᠭᠵᠢᠵᠤ᠂ ᠬᠤᠷᠴᠢᠨ ᠳᠤ ᠬᠠᠷᠢᠨ ᠤᠶᠢᠷ᠎ᠠ ᠡᠷᠳᠡᠨ ᠤ | ᠮᠠᠩᠭᠤᠰ ᠤᠨ ᠬᠤᠭᠤᠷ ᠤᠨ ᠦᠯᠢᠭᠡᠷ ᠪᠤᠯᠵᠤ ᠬᠦᠭᠵᠢᠭᠰᠡᠨ ᠪᠠᠶᠢᠳᠠᠯ ᠲᠠᠢ᠃ | ᠶᠢᠰᠦ᠂ ᠡᠷᠳᠡᠨ ᠤ ᠪᠠᠷᠭᠤ ᠶᠢᠨ ᠤᠬᠤᠷ ᠳᠤᠤᠯᠢ ᠶᠢᠨ ᠤᠷᠬᠢᠭᠳᠠᠵᠤ ᠪᠠᠭᠤᠷᠠᠭᠰᠠᠨ ᠰᠢᠯᠳᠠᠭᠠᠨ | 1. 19 — 20 ᠳ᠋ᠤᠭᠠᠷ ᠵᠠᠭᠤᠨ ᠤ ᠦᠶ᠎ᠡ ᠳᠤ ᠰᠤᠶᠤᠯ ᠰᠢᠨᠵᠢᠯᠡᠬᠦ ᠤᠬᠠᠭᠠᠨ ᠤ ᠬᠦᠭᠵᠢᠯᠳᠡ ᠶᠢ ᠳᠠᠭᠠᠯᠳᠤᠨ ᠠᠮᠠᠨ ᠵᠤᠬᠢᠶᠠᠯ ᠤᠨ ᠪᠠᠶᠢᠷᠢ | ᠰᠠᠭᠤᠷᠢ ᠠᠶᠠᠨᠳᠠᠭᠠᠨ ᠰᠤᠯᠠᠷᠠᠭᠰᠠᠨ︔ 2. ᠠᠮᠠᠨ ᠵᠤᠬᠢᠶᠠᠯ ᠤᠨ ᠳᠦᠷᠦᠯ ᠵᠦᠢᠯ ᠳᠠᠪᠠᠭᠤ ᠪᠠᠶᠢᠷᠢ ᠡᠵᠡᠯᠡᠵᠤ᠂ ᠳᠦᠪᠡᠳ᠂ ᠮᠠᠨᠵᠤ᠂ ᠬᠢᠳᠠᠳ ᠵᠡᠷᠭᠡ ᠬᠠᠷᠢ | ᠦᠨᠳᠦᠰᠦᠳᠡᠨ ᠤ ᠤᠷᠠᠨ ᠵᠤᠬᠢᠶᠠᠯ ᠤᠨ ᠨᠦᠯᠦᠭᠡ ᠭᠠᠵᠠᠷ ᠠᠪᠤᠭᠰᠠᠨ︔ 3. ᠬᠤᠪᠢᠰᠬᠠᠯ ᠠᠴᠠ ᠬᠤᠶᠢᠰᠢ ᠰᠢᠨ᠎ᠡ ᠰᠤᠷᠭᠠᠨ ᠬᠦᠮᠦᠵᠢᠯ ᠮᠠᠰᠢ ᠳᠦᠷᠭᠡᠨ | ᠳᠦᠭᠡᠮᠡᠯᠵᠢᠵᠤ᠂ ᠮᠤᠩᠭᠤᠯ ᠦᠨᠳᠦᠰᠦᠳᠡᠨ ᠤ ᠰᠢᠨ᠎ᠡ ᠤᠷᠠᠨ ᠵᠤᠬᠢᠶᠠᠯ ᠤᠨ ᠨᠦᠯᠦᠭᠡ ᠠᠯᠢ ᠴᠦ ᠦᠶ᠎ᠡ ᠠᠴᠠ ᠢᠯᠡᠭᠦᠦ ᠳᠦᠷᠭᠡᠨ ᠳᠠᠷᠬᠠᠵᠤ᠂ ᠡᠨᠡ ᠨᠢ ᠰᠢᠨᠵᠢᠯᠡᠬᠦ | ᠤᠬᠠᠭᠠᠨ ᠤ ᠮᠡᠳᠡᠯᠭᠡ ᠳᠡᠭᠡᠭᠰᠢᠯᠡᠭᠰᠡᠨ ᠲᠠᠢ ᠬᠤᠯᠪᠤᠭᠳᠠᠨ᠎ᠠ᠃ ᠠᠷᠠᠳ ᠤᠯᠠᠨ ᠤ ᠰᠤᠶᠤᠯ ᠤᠨ ᠳᠦᠭᠡᠮᠡᠯᠵᠢᠯᠳᠡ ᠪᠤᠯᠤᠨ ᠳᠦᠷᠦ ᠵᠠᠰᠠᠭ ᠤᠨ ᠳᠦᠷᠦ ᠶᠢᠨ | ᠪᠤᠳᠤᠯᠭ᠎ᠠ ᠲᠠᠢ ᠨᠡᠶᠢᠯᠡᠭᠡᠳ ᠨᠡᠶᠢᠭᠡᠮ ᠤᠨ ᠭᠤᠤᠯ ᠤᠷᠤᠰᠬᠠᠯ ᠪᠤᠯᠤᠭᠰᠠᠨ ᠤᠴᠢᠷ ᠠᠴᠠ ᠬᠠᠭᠤᠴᠢᠨ ᠵᠦᠢᠯ ᠠᠶᠠᠨᠳᠠᠭᠠᠨ ᠪᠠᠯᠠᠷᠠᠵᠤ᠂ ᠵᠠᠷᠢᠮ ᠤᠯᠠᠮᠵᠢᠯᠠᠯᠳᠦ ᠰᠤᠶᠤᠯ | ᠤᠬᠠᠮᠰᠠᠷ ᠠᠷᠢᠯᠵᠤ ᠳᠠᠰᠤᠷᠠᠬᠤ ᠭᠡᠮᠵᠢᠶᠡᠨ ᠳᠤ ᠳᠤᠯᠵᠠᠢ᠃ ᠠᠷᠠᠳ ᠤᠨ ᠰᠡᠴᠡᠨ ᠦᠭᠡ ᠪᠠᠷ ᠭᠡᠯᠡᠪᠡᠯ ︽ᠬᠠᠭᠤᠴᠢᠨ ᠶᠠᠭᠤᠮ᠎ᠠ ᠤᠯᠠ ᠪᠤᠯᠵᠤ᠂ ᠰᠢᠨ᠎ᠡ ᠶᠠᠭᠤᠮ᠎ᠠ | ᠵᠤᠯᠠ ᠪᠤᠯᠵᠤ︾ ᠪᠠᠶᠢᠭ᠎ᠠ ᠨᠢ ᠳᠡᠷᠡ ᠪᠤᠯᠠᠢ︔ 4. ᠨᠡᠶᠢᠭᠡᠮ ᠤᠨ ᠤᠷᠴᠢᠨ ᠳᠤᠭᠤᠷᠢᠨ ᠤ ᠨᠦᠯᠦᠭᠡ ᠰᠢᠬᠠᠯᠳᠠ ᠪᠠ ᠳᠠᠸᠠᠷ ᠤᠨ ᠠᠵᠤ ᠠᠬᠤᠢ ᠶᠢᠨ | ᠤᠷᠤᠰᠬᠠᠯ ᠠᠴᠠ ᠪᠤᠯᠵᠤ᠂ ᠤᠳᠤᠬᠠᠨ ᠤ ᠨᠡᠶᠢᠭᠡᠮ ᠠᠵᠤ ᠠᠬᠤᠢ ᠶᠢᠨ ᠬᠠᠭᠤᠴᠢᠨ ᠰᠠᠭᠤᠷᠢ ᠶᠢ ᠶᠡᠭᠡ ᠦᠭᠡᠷᠡᠴᠢᠯᠡᠵᠤ ᠪᠠᠶᠢᠨ᠎ᠠ᠃ ᠡᠨᠡ ᠦᠶ᠎ᠡ ᠳᠤ ᠶᠠᠭᠤ ᠪᠠᠨ | ᠬᠠᠮᠠᠭᠠᠯᠠᠵᠤ ᠦᠯᠡᠳᠡᠭᠡᠬᠦ ᠶᠤᠰᠤᠳᠠᠢ ᠭᠡᠰᠡᠨ ᠢ ᠤᠯᠠᠨ ᠢᠶᠠᠷ ᠢᠶᠠᠨ ᠮᠡᠳᠡᠭᠰᠡᠨ ᠪᠠᠶᠢᠬᠤ ᠤᠴᠢᠷᠳᠠᠢ᠃ ᠤᠳᠤᠬᠠᠨ ᠳᠤ ᠳᠦᠷᠦ ᠵᠠᠰᠠᠭ ᠠᠴᠠ ᠦᠨᠳᠦᠰᠦᠳᠡᠨ ᠤ | ᠤᠯᠠᠮᠵᠢᠯᠠᠯᠳᠦ ᠰᠤᠶᠤᠯ ᠤᠨ ᠦᠪ ᠬᠦᠷᠦᠩᠭᠡ ᠶᠢ ᠠᠪᠤᠷᠠᠨ ᠰᠡᠷᠭᠦᠭᠡᠵᠤ᠂ ᠦᠪᠯᠡᠨ ᠬᠠᠮᠠᠭᠠᠯᠠᠬᠤ᠂ ᠬᠦᠭᠵᠢᠭᠦᠯᠦᠨ ᠠᠰᠢᠭᠯᠠᠬᠤ ᠮᠡᠷᠭᠡᠨ ᠪᠤᠳᠤᠯᠭ᠎ᠠ ᠠᠪᠴᠤ ᠪᠠᠶᠢᠨ᠎ᠠ᠃ | ᠡᠨᠡ ᠪᠤᠯ ᠰᠠᠶᠢᠨ ᠠᠵᠠ ᠳᠤᠬᠢᠶᠠᠯ ᠮᠥᠨ᠃ | ᠠᠷᠪᠠ᠂ ᠡᠷᠳᠡᠨ ᠤ ᠪᠠᠷᠭᠤ ᠳᠤᠤᠯᠢ ᠶᠢ ᠰᠤᠳᠤᠯᠬᠤ ᠤᠳᠤᠬᠢᠴᠢ ᠠᠴᠢ ᠬᠤᠯᠪᠤᠭᠳᠠᠯ ᠨᠢ ᠶᠠᠭᠤ ᠪᠤᠢ︖ | 1. ᠬᠤᠶᠢᠴᠢ ᠦᠶ᠎ᠡ ᠳᠡᠭᠡᠨ ᠡᠬᠡ ᠭᠡᠯᠡᠨ ᠤ ᠦᠨᠳᠦᠰᠦᠨ ᠪᠤᠯᠪᠠᠰᠤᠷᠠᠯ ᠤᠨ ᠬᠦᠮᠦᠵᠢᠯ ᠬᠦᠷᠳᠡᠭᠡᠬᠦ ᠳᠤ ᠠᠮᠠᠨ ᠵᠤᠬᠢᠶᠠᠯ ᠪᠤᠯ ᠦᠨᠳᠦᠰᠦᠨ ᠰᠠᠭᠤᠷᠢ | ᠪᠤᠯᠳᠠᠭ︔ 2. ᠭᠡᠦᠭᠡᠳ ᠪᠠᠭᠠᠴᠤᠳ ᠲᠤ ᠪᠠᠭᠠᠳᠤᠷᠯᠢᠭ ᠦᠵᠡᠯ᠂ ᠡᠬᠡ ᠤᠷᠤᠨᠴᠢ ᠦᠵᠡᠯ᠂ ᠵᠦᠪ ᠪᠤᠷᠤᠭᠤ ᠶᠢᠨ ᠦᠨᠳᠦᠰᠦᠨ ᠬᠦᠮᠦᠵᠢᠯ ᠬᠦᠷᠳᠡᠭᠡᠬᠦ ᠪᠠ | ᠦᠪᠯᠡᠭᠦᠯᠦᠨ ᠤᠯᠠᠮᠵᠢᠯᠠᠬᠤ ᠳᠤ ᠴᠢᠬᠤᠯᠠ ᠦᠢᠯᠡᠳᠦᠯ ᠲᠠᠢ︔ 3. ᠢᠵᠠᠭᠤᠷ ᠰᠤᠶᠤᠯ ᠢᠶᠠᠷ ᠰᠠᠭᠤᠷᠢᠯᠠᠭᠰᠠᠨ ᠰᠢᠨ᠎ᠡ ᠤᠷᠠᠨ ᠪᠦᠳᠦᠭᠡᠯ ᠢ ᠳᠤᠭᠤᠷᠪᠢᠬᠤ ᠳᠤ | ᠰᠡᠳᠦᠪ᠂ ᠠᠭᠤᠯᠭ᠎ᠠ᠂ ᠭᠡᠯᠪᠡᠷᠢ ᠠᠯᠢ ᠴᠦ ᠳᠠᠯ᠎ᠠ ᠪᠠᠷ ᠪᠠᠷᠠᠭᠳᠠᠰᠢ ᠦᠭᠡᠢ ᠦᠪ ᠬᠦᠷᠦᠩᠭᠡ ᠪᠤᠯᠤᠨ᠎ᠠ᠃ ᠮᠥᠨ ᠦᠨᠳᠦᠰᠦᠳᠡᠨ ᠤᠭᠰᠠᠭᠠᠳᠠᠨ ᠤ ᠵᠠᠩ ᠦᠢᠯᠡ ᠶᠢᠨ | ᠤᠨᠴᠠᠯᠢᠭ ᠢ ᠬᠠᠳᠠᠭᠠᠯᠠᠬᠤ ᠳᠤ ᠠᠰᠢᠭᠳᠠᠢ︔ 4. ᠰᠤᠶᠤᠯ ᠤᠨ ᠦᠪ ᠬᠦᠷᠦᠩᠭᠡ ᠪᠠᠨ ᠪᠦᠳᠦᠭᠡᠯᠴᠢ ᠪᠠᠷ ᠬᠦᠭᠵᠢᠭᠦᠯᠦᠨ᠂ ᠤᠳᠤ ᠦᠶ᠎ᠡ ᠶᠢᠨ ᠲᠧᠭᠨᠢᠭ | ᠮᠡᠷᠭᠡᠵᠢᠯ ᠲᠠᠢ ᠤᠶᠠᠯᠳᠤᠭᠤᠯᠤᠨ ᠵᠤᠬᠢᠶᠠᠯᠴᠢ᠂ ᠤᠷᠠᠯᠢᠭᠴᠢ᠂ ᠦᠢᠯᠡᠳᠪᠦᠷᠢᠯᠡᠭᠴᠢ ᠨᠠᠷ ᠤᠨ ᠰᠢᠨ᠎ᠡ ᠶᠢ ᠡᠭᠦᠳᠭᠦ ᠤᠷᠤᠨ ᠵᠠᠢ ᠶᠠᠪᠤᠬᠤ ᠳᠤᠳᠤᠮ ᠦᠷᠭᠡᠳᠬᠦ | ᠪᠤᠯᠤᠨ᠎ᠠ︔ 5. ᠤᠭᠰᠠᠭᠠᠳᠠᠨ ᠤ ᠵᠦᠢ᠂ ᠭᠡᠯᠡ ᠠᠶᠠᠯᠭᠤ᠂ ᠦᠭᠡᠰ ᠤᠨ ᠰᠠᠩ᠂ ᠵᠠᠩ ᠦᠢᠯᠡ ᠶᠢᠨ ᠰᠤᠳᠤᠯᠭᠠᠨ ᠳᠤ ᠴᠢᠬᠤᠯᠠ ᠯᠠᠪᠯᠠᠯᠳᠠ ᠪᠤᠯᠳᠠᠭ᠃ | ᠠᠷᠪᠠᠨ ᠨᠢᠭᠡ᠂ ᠪᠠᠷᠭᠤ ᠳᠤᠤᠯᠢ ᠶᠢ ᠲᠡᠯᠡᠬᠡᠢ ᠶᠢᠨ ᠮᠤᠩᠭᠤᠯ ᠳᠤᠤᠯᠢ ᠶᠢᠨ | ᠰᠤᠳᠤᠯᠭᠠᠨ ᠳᠤ ᠤᠷᠤᠭᠤᠯᠤᠭᠰᠠᠨ ᠭᠤᠤᠯ ᠭᠠᠪᠢᠶᠠᠳᠠᠨ ᠭᠡᠨ ᠪᠤᠢ︖ | ᠳᠡᠯᠡᠭᠡᠢ ᠶᠢᠨ ᠮᠤᠩᠭᠤᠯ ᠰᠤᠳᠤᠯᠤᠯ ᠠᠴᠠ ᠪᠡᠶ᠎ᠡ ᠪᠠᠨ ᠳᠠᠭᠠᠭᠠᠵᠤ ᠰᠠᠯᠪᠤᠷᠢᠯᠠᠨ ᠭᠠᠷᠤᠭᠰᠠᠨ ᠮᠤᠩᠭᠤᠯ ᠳᠤᠤᠯᠢ ᠶᠢᠨ ᠰᠠᠯᠪᠤᠷᠢ ᠰᠤᠳᠤᠯᠭᠠᠨ ᠳᠤ ᠡᠷᠳᠡᠨ ᠤ | ᠪᠠᠷᠭᠤ ᠶᠢᠨ ᠤᠬᠤᠷ ᠳᠤᠤᠯᠢ ᠶᠢ ᠳᠠᠳᠠᠨ ᠭᠠᠷᠭᠠᠵᠤ ᠰᠤᠳᠤᠯᠭᠠᠨ ᠤ ᠡᠷᠬᠢᠯᠳᠡ ᠳᠤ ᠤᠷᠤᠭᠤᠯᠤᠭᠰᠠᠨ ᠨᠡᠷᠡᠳᠦ ᠡᠷᠳᠡᠮᠳᠡᠳ ᠨᠡᠯᠢᠶᠡᠳ ᠪᠤᠢ᠃ ᠳᠡᠳᠡᠭᠡᠷ ᠠᠴᠠ | ᠮᠤᠩᠭᠤᠯ ᠤᠯᠤᠰ ᠤᠨ ᠵᠠᠮᠰᠠᠷᠠᠨ ᠤ ᠴᠡᠸᠡᠩ ︵1881 — 1943︶᠂ ᠭᠧᠷᠮᠠᠨ ᠤ ᠠᠯᠳᠠᠷᠳᠦ ᠡᠷᠳᠡᠮᠳᠡᠨ ᠸ᠊ · ᠾᠡᠶᠢᠰᠰᠢᠭ᠂ ᠪᠠᠭᠠᠷᠢᠨ ᠤ ᠵᠠᠯᠰᠠᠩ ᠤᠨ | ᠷᠢᠨᠴᠢᠨᠳᠤᠷᠵᠢ ᠨᠠᠷ ᠢ ᠤᠷᠢᠳᠠᠪᠠᠷ ᠳᠤᠷᠠᠳᠬᠤ ᠶᠤᠰᠤᠳᠠᠢ᠃ ᠳᠡᠷᠡᠴᠢᠯᠡᠨ ᠴ᠊ · ᠳᠠᠮᠳᠢᠨᠰᠦ᠋ᠷᠦᠩ᠂ ᠳ᠋᠊ · ᠴᠡᠷᠡᠨᠰᠤᠳᠨᠠᠮ᠂ ᠳ᠋ᠤᠺᠲ᠋ᠤᠷ ᠳᠤᠯᠠᠭᠠᠨ ᠵᠡᠷᠭᠡ ᠠᠮᠠᠨ | ᠵᠤᠬᠢᠶᠠᠯ ᠤᠨ ᠨᠡᠷᠡᠳᠦ ᠡᠷᠳᠡᠮᠳᠡᠨ ᠨᠠᠷ ᠤᠯᠠᠨ ᠪᠤᠢ᠃ ᠳᠡᠳᠡᠭᠡᠷ ᠤᠨ ᠳᠤᠳᠤᠷ᠎ᠠ ᠠᠴᠠ ᠳᠡᠯᠡᠭᠡᠢ ᠶᠢᠨ ᠠᠯᠳᠠᠷᠳᠦ ᠮᠤᠩᠭᠤᠯᠴᠢ ᠡᠷᠳᠡᠮᠳᠡᠨ ᠫᠠᠷᠷᠢ — ᠯᠤᠷᠳ᠋ ᠪᠤᠯᠤᠨ | ᠸ᠊ · ᠾᠠᠶᠢᠰᠰᠢᠭ᠌ ᠪᠤᠯ 20 ᠳ᠋ᠤᠭᠠᠷ ᠵᠠᠭᠤᠨ ᠳᠤ ᠠᠮᠠᠨ ᠵᠤᠬᠢᠶᠠᠯ ᠢ ᠰᠢᠨᠵᠢᠯᠡᠬᠦ ᠤᠬᠠᠭᠠᠨ ᠤ ᠠᠷᠭ᠎ᠠ ᠪᠠᠷ ᠠᠩᠬᠢᠯᠠᠨ ᠰᠤᠳᠤᠯᠬᠤ ᠤᠨᠤᠯ ᠤᠨ ᠰᠢᠰᠲ᠋ᠧᠮ ᠢ | ᠡᠭᠦᠳᠦᠭᠰᠡᠨ ᠳᠤᠮᠤ ᠡᠷᠳᠡᠮᠳᠡᠳ ᠠᠵᠢ᠃ | ᠮᠠᠨ ᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠷᠢᠨᠴᠢᠨᠳᠤᠷᠵᠢ ᠪᠤᠯ | ᠳᠡᠯᠡᠭᠡᠢ ᠶᠢᠨ ᠮᠤᠩᠭᠤᠯ ᠳᠤᠤᠯᠢ ᠶᠢᠨ ᠰᠤᠳᠤᠯᠭᠠᠨ ᠤ ᠳᠦᠪ ᠤᠨ ᠤᠷᠢᠯᠭ᠎ᠠ ᠪᠠᠷ ᠤᠷᠢᠳ ᠬᠤᠵᠢᠳ ᠪᠠᠷᠠᠭᠤᠨ ᠭᠧᠷᠮᠠᠨ ᠳᠤ 10 ᠤᠳᠠᠭ᠎ᠠ ᠠᠶᠢᠯᠴᠢᠯᠠᠭᠰᠠᠨ ᠪᠦᠭᠡᠳ | ᠮᠠᠨ ᠤ ᠤᠯᠤᠰ ᠤᠨ ᠮᠤᠩᠭᠤᠯ ᠳᠤᠤᠯᠢ ᠶᠢᠨ ᠰᠤᠳᠤᠯᠭᠠᠨ ᠤ ᠬᠠᠮᠤᠭ ᠤᠨ ᠨᠡᠷ᠎ᠡ ᠬᠦᠨᠳᠦᠳᠦ ᠡᠷᠳᠡᠮᠳᠡᠨ ᠪᠤᠯᠤᠭᠰᠠᠨ ᠢᠶᠠᠷ ᠦᠯᠦ ᠪᠠᠷᠠᠨ ︽ᠤᠯᠠᠨ ᠤᠯᠤᠰ ᠤᠨ | ᠮᠤᠩᠭᠤᠯᠴᠢ ᠡᠷᠳᠡᠮᠳᠡᠨ ᠤ ᠬᠤᠯᠪᠤᠭ᠎ᠠ︾ ᠶᠢᠨ ᠨᠠᠷᠢᠨ ᠪᠢᠴᠢᠭ ᠤᠨ ᠳᠠᠷᠤᠭ᠎ᠠ ᠪᠠᠶᠢᠭᠰᠠᠨ ᠠᠴᠠ ᠪᠠᠨ 1997 ᠤᠨ ᠳᠤ ᠬᠦᠨᠳᠦᠳᠦ ᠭᠡᠰᠢᠭᠦᠨ ᠪᠤᠯᠤᠭᠰᠠᠨ ᠨᠠᠰᠤᠳᠠᠨ | ᠪᠠᠶᠢᠪᠠ᠃ ᠳᠡᠷᠡ ᠤᠳᠤ ᠴᠦ ᠭᠡᠰᠡᠨ ︽ᠮᠤᠩᠭᠤᠯ ᠪᠠᠭᠠᠳᠤᠷᠯᠢᠭ ᠳᠤᠤᠯᠢ ᠶᠢᠨ ᠴᠢᠭᠤᠯᠭᠠᠨ︾ ᠭᠡᠮᠡᠬᠦ ᠳᠤᠮᠤ ᠰᠢᠷᠢᠰ ᠨᠤᠮ ᠢ ᠵᠢᠯᠤᠭᠤᠳᠤᠨ ᠬᠡᠪᠯᠡᠭᠦᠯᠵᠤ ᠪᠠᠶᠢᠭ᠎ᠠ | ᠪᠦᠭᠡᠳ ᠨᠢᠭᠡᠨᠳᠡ ᠡᠬᠢᠨ ᠤ ᠳᠦᠷᠪᠡᠨ ᠳᠤᠮᠤ ᠪᠤᠳᠢ ᠬᠡᠪᠯᠡᠭᠳᠡᠭᠡᠳ ᠪᠠᠶᠢᠨ᠎ᠠ᠃ ᠡᠨᠡ ᠨᠢ ᠮᠤᠩᠭᠤᠯ ︽ᠭᠠᠨᠵᠤᠤᠷ︾᠂ ︽ᠳ᠋ᠠᠨᠵᠤᠤᠷ︾ ᠬᠦᠯᠭᠡᠨ ᠰᠤᠳᠤᠷ ᠤᠨ | ᠳᠠᠷᠠᠭᠠᠬᠢ ᠪᠠᠰᠠ ᠨᠢᠭᠡᠨ ᠮᠤᠩᠭᠤᠯ ᠰᠤᠶᠤᠯ ᠤᠨ ᠵᠠᠭᠤᠭᠠᠳ ᠪᠤᠳᠢ ᠪᠦᠭᠦᠢ ᠬᠦᠯᠭᠡᠨ ᠰᠤᠳᠤᠷ ᠢ ᠪᠦᠳᠦᠭᠡᠵᠤ ᠪᠠᠶᠢᠭ᠎ᠠ ᠶᠤᠮ᠃ ᠳᠡᠷᠡ ᠪᠠᠰᠠ ᠮᠤᠩᠭᠤᠯ ᠳᠤᠤᠯᠢ ᠶᠢᠨ | ᠤᠨᠤᠯ ᠤᠨ ᠳᠦᠷᠪᠡᠨ ᠨᠤᠮ ᠢ ᠬᠢᠳᠠᠳ ᠢᠶᠠᠷ ᠬᠡᠪᠯᠡᠭᠦᠯᠦᠭᠰᠡᠨ ᠬᠦᠮᠦᠨ ᠪᠠᠶᠢᠪᠠ᠃ ᠨᠠᠰᠤᠳᠠᠨ ᠭᠤᠸᠠᠢ ᠪᠠᠷᠭᠤ ᠳᠤᠤᠯᠢ ᠶᠢ ᠳᠡᠯᠡᠭᠡᠢ ᠶᠢᠨ ᠡᠷᠳᠡᠮ ᠰᠢᠨᠵᠢᠯᠡᠭᠡᠨ ᠤ | ᠳᠠᠪᠴᠠᠩ ᠳᠤ ᠭᠠᠷᠭᠠᠭᠰᠠᠨ ᠢᠶᠠᠷ ᠢᠶᠠᠨ ᠬᠦᠯᠦᠨ ᠪᠤᠶᠢᠷ ᠤᠨ ᠪᠠᠷᠭᠤᠴᠤᠳ ᠲᠤ ᠠᠪᠴᠤ ᠭᠡᠯᠡᠪᠡᠯ ︽ᠪᠠᠷᠭᠤᠴᠤᠳ ᠤᠨ ᠨᠡᠷ᠎ᠡ ᠬᠦᠨᠳᠦᠳᠦ ᠬᠦᠮᠤᠨ︾ ᠢᠶᠠᠷ | ᠡᠷᠭᠦᠮᠵᠢᠯᠡᠭᠳᠡᠬᠦ ᠬᠢᠷᠢ ᠭᠡᠮ ᠲᠠᠢ ᠳᠤᠮᠤ ᠡᠷᠳᠡᠮᠳᠡᠨ ᠪᠢᠯᠡ᠃ | ᠳᠡᠭᠦᠨ ᠤ ᠵᠤᠬᠢᠶᠠᠭᠰᠠᠨ ︽ᠪᠠᠷᠭᠤ ᠠᠷᠠᠳ ᠤᠨ ᠳᠤᠤᠯᠢ ᠶᠢᠨ ᠡᠭᠦᠰᠦᠯ ᠬᠦᠭᠵᠢᠯ ᠪᠤᠯᠤᠨ ᠬᠤᠪᠢᠷᠠᠯ ᠤᠨ ᠳᠤᠬᠠᠢ︾ ᠭᠡᠳᠡᠭ ᠦᠭᠦᠯᠡᠯ ᠢ ᠭᠧᠷᠮᠠᠨ ᠤ ᠸ᠊ | · ᠾᠡᠶᠢᠰᠰᠢᠭ ᠠᠪᠤᠭᠠᠢ ︽ᠠᠽᠢᠶ᠎ᠠ ᠶᠢᠨ ᠰᠤᠳᠤᠯᠤᠯ︾ ︵73 ᠳ᠋ᠤᠭᠠᠷ ᠪᠤᠳᠢ︶ ᠳᠤ ᠨᠡᠶᠢᠳᠡᠯᠡᠵᠤ ᠦᠩᠭᠡᠷᠡᠭᠰᠡᠨ ᠪᠦᠭᠡᠳ ᠪᠠᠰᠠ ︽ᠪᠠᠷᠭᠤ ᠪᠠ ᠤᠶᠢᠷᠠᠳ ᠤᠨ | ᠪᠠᠭᠠᠳᠤᠷᠯᠢᠭ ᠳᠤᠤᠯᠢ ᠶᠢᠨ ᠳᠤᠬᠠᠢ︾᠂ ︽ᠪᠠᠷᠭᠤ ᠶᠢᠨ ᠠᠮᠠᠨ ᠵᠤᠬᠢᠶᠠᠯ ᠤᠨ ᠳᠤᠬᠠᠢ︾ ᠵᠡᠷᠭᠡ ᠳᠤᠰᠬᠠᠢ ᠰᠤᠳᠤᠯᠭᠠᠨ ᠤ ᠪᠦᠳᠦᠭᠡᠯ ᠤᠳ ᠪᠠᠶᠢᠳᠠᠭ᠃ ᠡᠭᠦᠨ ᠠᠴᠠ | ᠭᠠᠳᠠᠨ᠎ᠠ ᠪᠡᠭᠡᠵᠢᠩ ᠶᠡᠭᠡ ᠰᠤᠷᠭᠠᠭᠤᠯᠢ ᠶᠢᠨ ᠳᠤᠷᠤᠨᠠᠳᠡᠬᠢᠨ ᠤ ᠰᠠᠯᠪᠤᠷᠢ ᠶᠢᠨ ᠳ᠋ᠤᠺᠲ᠋ᠤᠷ ᠳᠤᠯᠠᠭᠠᠨ ᠪᠠᠰᠠ ︽ᠰᠢᠯᠢᠨ ᠭᠠᠯᠵᠠᠭᠤ ᠪᠠᠭᠠᠳᠤᠷ ᠳᠤᠤᠯᠢ ᠶᠢᠨ | ᠬᠠᠷᠢᠴᠠᠭᠤᠯᠤᠭᠰᠠᠨ ᠰᠤᠳᠤᠯᠤᠯ ᠬᠢᠭᠡᠳ ᠲᠧᠺᠰᠲ ᠡᠮᠬᠢᠳᠭᠡᠯ︾ ᠭᠡᠮᠡᠬᠦ ᠨᠢᠭᠡᠨ ᠳᠤᠤᠯᠢ ᠶᠢᠨ ᠤᠯᠠᠨ ᠬᠤᠪᠢᠯᠪᠤᠷᠢ ᠶᠢ ᠬᠠᠷᠢᠴᠠᠭᠤᠯᠤᠨ ᠰᠤᠳᠤᠯᠤᠭᠰᠠᠨ ᠳᠤᠮᠤ | ᠪᠦᠳᠦᠭᠡᠯ ᠪᠤᠢ᠃ ᠡᠳᠡᠭᠡᠷ ᠪᠦᠳᠦᠭᠡᠯ ᠪᠤᠯ ︽ᠡᠷᠳᠡᠨ ᠤ ᠪᠠᠷᠭᠤ ᠶᠢᠨ ᠤᠬᠤᠷ ᠳᠤᠤᠯᠢ︾ ᠨᠢᠭᠡᠨᠳᠡ ᠳᠡᠯᠡᠭᠡᠢ ᠶᠢᠨ ᠰᠤᠳᠤᠯᠭᠠᠨ ᠤ ᠳᠦᠪᠰᠢᠨ ᠳᠤ ᠶᠠᠷᠢᠭᠳᠠᠳᠠᠭ | ᠴᠢᠬᠤᠯᠠ ᠰᠤᠶᠤᠯ ᠤᠨ ᠦᠪ ᠪᠤᠯᠬᠤ ᠶᠢ ᠬᠦᠢᠴᠡᠳ ᠦᠵᠡᠭᠦᠯᠵᠤ ᠪᠠᠶᠢᠭ᠎ᠠ ᠶᠤᠮ᠃ ᠪᠠᠰᠠ ᠮᠠᠨ ᠤ ᠤᠯᠤᠰ ᠪᠤᠯᠤᠨ ᠳᠡᠯᠡᠭᠡᠢ ᠶᠢᠨ ᠰᠤᠶᠤᠯ ᠤᠨ ᠦᠪ ᠢᠶᠠᠷ | ᠳᠡᠮᠳᠡᠭᠯᠡᠭᠳᠡᠬᠦ ᠨᠦᠭᠦᠴᠡᠯ ᠲᠠᠢ ᠳᠦᠷᠦᠯ ᠵᠦᠢᠯ ᠪᠤᠯᠬᠤ ᠶᠢ ᠳᠠᠪᠬᠤᠷ ᠬᠠᠷᠠᠭᠤᠯᠵᠤ ᠪᠠᠶᠢᠨ᠎ᠠ᠃ ᠡᠨᠡ ᠨᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠠᠴᠠ | ᠤᠶᠢᠷ᠎ᠠ ᠳᠤ ᠳᠤᠷᠠᠳᠤᠭᠰᠠᠨ ︽ᠦᠨᠳᠦᠰᠦᠳᠡᠨ ᠤ ᠰᠤᠶᠤᠯ ᠤᠨ ᠲᠤᠮᠤ ᠤᠷᠤᠨ ᠢ ᠪᠠᠶᠢᠭᠤᠯᠬᠤ︾ ᠤᠷᠢᠶᠠᠯᠠᠭ᠎ᠠ ᠶᠢ ᠪᠡᠶᠡᠯᠡᠭᠦᠯᠬᠦ ᠳᠤ ᠠᠰᠢᠭᠳᠠᠢ ᠴᠢᠬᠤᠯᠠ ᠨᠢᠭᠡᠨ | ᠨᠦᠭᠦᠴᠡᠯ ᠪᠤᠯᠬᠤ ᠶᠤᠮ᠃ | ᠠᠷᠪᠠᠨ ᠬᠤᠶᠠᠷ᠂ ᠪᠠᠷᠭᠤ ᠳᠤᠤᠯᠢ ᠪᠤᠯ ᠨᠡᠭᠦᠳᠡᠯ ᠰᠤᠶᠤᠯᠳᠠᠨ ᠤ ᠤᠶᠤᠨ ᠤ ᠪᠤᠯᠪᠠᠰᠤᠨ ᠤ ᠪᠡᠯᠭᠡ ᠳᠡᠮᠳᠡᠭ | ᠬᠦᠮᠦᠨ ᠳᠦᠷᠦᠯᠬᠢᠳᠡᠨ ᠤ ᠰᠤᠶᠤᠯ ᠤᠨ ᠳᠡᠦᠭᠡᠨ ᠳᠤ ᠨᠡᠭᠦᠳᠡᠯ ᠰᠤᠶᠤᠯ ᠤᠨ ᠪᠤᠳᠠᠰ ᠤᠨ ᠪᠠ ᠤᠶᠤᠨ ᠤ ᠪᠤᠯᠪᠠᠰᠤᠨ ᠨᠢ ᠴᠢᠬᠤᠯᠠ ᠪᠠᠶᠢᠷᠢ ᠰᠠᠭᠤᠷᠢ | ᠡᠵᠡᠯᠡᠬᠦ ᠶᠤᠰᠤᠳᠠᠢ᠃ ᠨᠡᠭᠦᠳᠡᠯ ᠰᠤᠶᠤᠯ ᠪᠤᠯ ᠳᠠᠩ ᠮᠠᠯ ᠠᠵᠤ ᠠᠬᠤᠢ ᠶᠢᠨ ᠪᠡᠶ᠎ᠡ ᠪᠠᠨ ᠳᠠᠭᠠᠭᠠᠭᠰᠠᠨ ᠰᠤᠶᠤᠯ ᠮᠥᠨ᠃ ᠪᠠᠰᠠ ᠴᠦ ᠳᠡᠯᠡᠭᠡᠢ ᠳᠡᠭᠡᠷ᠎ᠡ ᠪᠠᠶᠢᠭᠠᠯᠢ | ᠤᠷᠴᠢᠨ ᠳᠠᠭᠠᠨ ᠵᠤᠬᠢᠴᠠᠯᠳᠤᠭᠰᠠᠨ ᠴᠤᠷ ᠤᠨ ᠭᠠᠭᠴᠠ ᠠᠮᠢ ᠠᠬᠤᠢ ᠶᠢᠨ ᠰᠤᠶᠤᠯ ᠤᠨ ᠬᠡᠯᠪᠡᠷᠢ ᠮᠥᠨ᠃ ᠳᠦᠪ ᠠᠽᠢᠶ᠎ᠠ ᠶᠢᠨ ᠤᠯᠠᠨ ᠤᠯᠤᠰ ᠦᠨᠳᠦᠰᠦᠳᠡᠨ ᠢ | ᠦᠰᠭᠡᠨ ᠪᠤᠶᠢᠵᠢᠭᠤᠯᠤᠭᠰᠠᠨ ᠨᠢ ᠠᠭᠤᠤ ᠶᠡᠭᠡ ᠨᠡᠭᠦᠳᠡᠯ ᠰᠤᠶᠤᠯ ᠪᠤᠯᠤᠨ᠎ᠠ᠃ ᠡᠨᠡ ᠨᠢ ᠬᠦᠮᠦᠨ ᠳᠦᠷᠦᠯᠬᠢᠳᠡᠨ ᠤ ᠦᠨᠢ ᠡᠷᠳᠡᠨ ᠤ ᠢᠵᠠᠭᠤᠷ ᠰᠤᠶᠤᠯ ᠤᠨ ᠨᠢᠭᠡ | ᠪᠦᠭᠡᠳ ᠳᠡᠦᠭᠡ ᠶᠢᠨ ᠬᠦᠭᠵᠢᠯ ᠳᠤ ᠤᠮᠳᠤᠭᠠᠶᠢᠯᠠᠵᠤ ᠪᠤᠯᠤᠰᠢ ᠦᠭᠡᠢ ᠴᠢᠬᠤᠯᠠ ᠠᠴᠢᠶᠠᠯᠠᠪᠤᠷᠢ ᠪᠠ ᠪᠤᠳᠠᠳᠠᠢ ᠤᠨᠴᠠᠭᠠᠢ ᠠᠭᠤᠯᠭ᠎ᠠ ᠪᠤᠯᠤᠭᠰᠠᠨ ᠪᠠᠶᠢᠳᠠᠭ᠃ | ᠨᠡᠭᠦᠳᠡᠯ ᠰᠤᠶᠤᠯ ᠦᠭᠡᠢ ᠪᠤᠯ ᠳᠡᠯᠡᠭᠡᠢ ᠶᠢᠨ ᠪᠦᠷᠢᠨ ᠪᠦᠳᠦᠨ ᠳᠡᠦᠭᠡ ᠪᠠᠶᠢᠵᠤ ᠴᠢᠳᠠᠬᠤ ᠦᠭᠡᠢ᠃ ᠡᠬᠡ ᠪᠠᠶᠢᠭᠠᠯᠢ ᠪᠠ ᠢᠵᠠᠭᠤᠷ ᠰᠤᠶᠤᠯ ᠤᠨ ᠳᠡᠦᠭᠡ ᠪᠠᠨ | ᠡᠷᠬᠢᠴᠡᠭᠦᠯᠦᠨ ᠬᠠᠷᠠᠵᠤ ᠦᠵᠡᠪᠡᠯ ᠤᠶᠤᠨ ᠤᠬᠠᠭᠠᠨᠳᠦ ᠬᠦᠮᠦᠨ ᠳᠦᠷᠦᠯᠬᠢᠳᠡᠨ ᠭᠡᠳᠤᠢ ᠪᠤᠯᠪᠠᠰᠤᠨ ᠪᠤᠯᠬᠤ ᠳᠤᠳᠤᠮ ᠦᠪᠡᠷᠰᠡᠳ ᠤᠨ ᠦᠢᠯᠡ ᠠᠵᠢᠯᠯᠠᠭ᠎ᠠ ᠶᠢᠨ | ᠮᠥᠨ ᠴᠢᠨᠠᠷ ᠢᠶᠠᠨ ᠲᠡᠳᠦᠢ ᠳᠠᠨᠢᠨ ᠮᠡᠳᠡᠷᠡᠬᠦ ᠪᠤᠯᠤᠮᠵᠢᠳᠠᠢ᠃ ᠡᠨᠡ ᠨᠢ ᠳᠠᠶᠠᠭᠠᠷᠴᠢᠯᠠᠯ ᠤᠨ ᠰᠡᠭᠦᠯᠴᠢ ᠶᠢᠨ ᠳᠤᠮᠤ ᠰᠡᠳᠦᠪ ᠪᠤᠯᠵᠤ ᠮᠡᠳᠡᠨ᠎ᠡ᠃ ᠬᠡᠷᠪᠡ ᠨᠡᠭᠦᠳᠡᠯ | ᠰᠤᠶᠤᠯ ᠤᠨ ᠪᠤᠳᠠᠰ ᠤᠨ ᠪᠠ ᠤᠶᠤᠨ ᠤ ᠰᠤᠶᠤᠯ ᠢ ᠬᠠᠮᠳᠦ ᠳᠤᠨᠢ ᠰᠤᠳᠤᠯᠬᠤ ᠭᠡᠷᠡᠭ ᠦᠭᠡᠢ ᠭᠡᠵᠤ ᠦᠵᠡᠬᠦ ᠪᠤᠶᠤ ᠰᠤᠳᠤᠯᠬᠤ ᠦᠭᠡᠢ ᠤᠷᠬᠢᠪᠠᠯ ᠬᠦᠮᠦᠨ | ᠳᠦᠷᠦᠯᠬᠢᠳᠡᠨ ᠤ ᠨᠡᠶᠢᠭᠡᠮ ᠤᠨ ᠬᠦᠭᠵᠢᠯ ᠤᠨ ᠳᠡᠦᠭᠡ ᠪᠦᠷᠢᠨ ᠪᠦᠳᠦᠨ᠂ ᠵᠦᠪ ᠤᠨᠤᠪᠴᠢᠳᠠᠢ ᠪᠠᠶᠢᠵᠤ ᠴᠢᠳᠠᠬᠤ ᠦᠭᠡᠢ ᠪᠤᠯᠤᠨ᠎ᠠ᠃ ᠠᠮᠢ ᠠᠬᠤᠢ ᠪᠠ ᠨᠡᠭᠦᠳᠡᠯ | ᠰᠤᠶᠤᠯ ᠪᠤᠯ ᠳᠡᠭᠷᠢ ᠠᠴᠠ ᠵᠠᠶᠠᠭᠠᠭᠰᠠᠨ ᠰᠠᠯᠭᠠᠵᠤ ᠪᠤᠯᠤᠰᠢ ᠦᠭᠡᠢ ᠨᠢᠭᠳᠠ ᠪᠠᠷᠢᠯᠳᠤᠯᠭ᠎ᠠ ᠲᠠᠢ ᠶᠤᠮ᠃ ᠶᠡᠷᠦᠨᠢ ᠨᠡᠭᠦᠳᠡᠯ ᠰᠤᠶᠤᠯ ᠤᠨ ᠤᠶᠤᠨ ᠤ ᠪᠤᠯᠪᠠᠰᠤᠨ ᠤ | ᠢᠯᠡᠷᠡᠯ ᠪᠤᠯᠤᠭᠰᠠᠨ ᠡᠷᠳᠡᠨ ᠤ ᠪᠠᠷᠭᠤ ᠳᠤᠤᠯᠢ ᠪᠤᠯ ᠬᠠᠮᠤᠭ ᠤᠨ ᠪᠠᠭ᠎ᠠ ᠳᠠᠭᠠᠨ ᠮᠢᠩᠭ᠎ᠠ ᠭᠠᠷᠤᠢ ᠵᠢᠯ ᠤᠨ ᠳᠡᠦᠭᠡ ᠲᠠᠢ᠂ ᠭᠡᠰᠡᠷ ᠵᠢᠩᠭᠠᠷ ᠠᠴᠠ ᠪᠠᠰᠠ ᠡᠷᠳᠡ | ᠡᠭᠦᠰᠦᠭᠰᠡᠨ ᠪᠤᠯᠬᠤᠷ ᠮᠤᠩᠭᠤᠯ ᠠᠷᠠᠳ ᠤᠨ ᠠᠮᠠᠨ ᠵᠤᠬᠢᠶᠠᠯ ᠤᠨ ᠬᠦᠭᠵᠢᠯ ᠳᠤ ᠡᠷᠳᠡᠨ ᠤ ᠭᠷᠧᠭ ᠤᠨ ᠾᠤᠮᠧᠷ ᠤᠨ ᠳᠦᠷᠪᠡᠨ ᠳᠤᠮᠤ ᠳᠤᠤᠯᠢ ᠲᠠᠢ ᠠᠳᠠᠯᠢᠬᠠᠨ | ᠦᠢᠯᠡᠳᠦᠯ ᠦᠵᠡᠭᠦᠯᠦᠭᠰᠡᠨ ᠶᠤᠮ ᠭᠡᠵᠤ ᠡᠷᠳᠡᠮᠳᠡᠳ ᠦᠵᠡᠳᠡᠭ ᠶᠤᠮ ᠪᠠᠶᠢᠨ᠎ᠠ᠃ ᠡᠶᠢᠮᠦ ᠠᠴᠠ ᠪᠠᠯᠠᠷᠯᠢᠭ ᠡᠷᠳᠡᠨ ᠤ ᠪᠠᠷᠭᠤ ᠳᠤᠤᠯᠢ ᠪᠠ ᠤᠷᠳᠤ ᠶᠢᠨ ᠳᠠᠭᠤᠤ | ᠬᠤᠶᠠᠷ ᠨᠢ ᠨᠡᠭᠦᠳᠡᠯ ᠰᠤᠶᠤᠯ ᠤᠨ ᠤᠶᠤᠨ ᠤ ᠪᠤᠯᠪᠠᠰᠤᠨ ᠢ ᠳᠦᠯᠦᠭᠡᠯᠡᠬᠦ ᠪᠡᠯᠭᠡ ᠳᠡᠮᠳᠡᠭ ᠵᠠᠶᠢᠯᠠᠰᠢ ᠦᠭᠡᠢ ᠮᠥᠨ᠃ | ᠡᠰᠢᠯᠡᠵᠤ ᠠᠰᠢᠭᠯᠠᠭᠰᠠᠨ ᠨᠤᠮ ᠪᠢᠴᠢᠭ᠄ | 1. ︽ᠮᠤᠩᠭᠤᠯ ᠳᠤᠤᠯᠢ ᠶᠢᠨ ᠳᠤᠪᠴᠢᠶᠠᠨ︾ ︵ᠬᠢᠳᠠᠳ ᠬᠡᠪᠯᠡᠯ︶᠂ ᠷᠢᠨᠴᠢᠨᠳᠤᠷᠵᠢ᠂ 2001 ᠤᠨ᠃ | 2. ︽ᠤᠷᠠᠨ ᠵᠤᠬᠢᠶᠠᠯ ᠤᠨ ᠰᠤᠳᠤᠯᠤᠯ ᠤᠨ ᠦᠭᠦᠯᠡᠯ ᠤᠳ︾᠂ ᠷᠢᠨᠴᠢᠨᠳᠤᠷᠵᠢ᠂ 2013 ᠤᠨ᠃ | 3. ︽ᠰᠢᠯᠢᠨ ᠭᠠᠯᠵᠠᠭᠤ ᠪᠠᠭᠠᠳᠤᠷ ᠤᠨ ᠬᠠᠷᠢᠴᠠᠭᠤᠯᠤᠭᠰᠠᠨ ᠰᠤᠳᠤᠯᠤᠯ ᠬᠢᠭᠡᠳ ᠲᠧᠺᠰᠲ ᠡᠮᠬᠢᠳᠭᠡᠯ︾᠂ ᠳᠤᠯᠠᠭᠠᠨ᠂ 2001 ᠤᠨ᠃ | 4. ︽ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ︾᠂ ᠫᠤᠩᠴᠤᠭᠸᠠᠩᠵᠢᠯ᠂ 2009 ᠤᠨ᠃ | 5. ︽ᠬᠠᠭᠤᠴᠢᠨ ᠪᠠᠷᠭᠤ ᠶᠢᠨ ᠦᠯᠢᠭᠡᠷ ᠳᠤᠤᠯᠢ︾᠂ ᠤᠳᠤᠩᠭᠤᠸ᠎ᠠ᠂ ᠨᠠᠩᠰᠠᠯᠮ᠎ᠠ᠂ 2011 ᠤᠨ᠃ 6. ︽ᠠᠯᠳᠠᠨ ᠱᠠᠭᠠᠢ | ᠬᠦᠪᠡᠭᠦᠨ︾᠂ ᠤᠯᠠᠭᠠᠠᠭᠦᠦ᠂ 1988 ᠤᠨ᠃ |