— ᠠᠴᠢᠳᠤ ᠪᠤᠭᠤᠷᠤᠯ ᠡᠵᠢ ᠪᠠᠨ ᠲᠤᠷᠠᠳᠬᠠᠪᠠ | ︽ᠨᠠᠮᠠᠭᠠᠨ ᠳᠠᠭᠠᠨ ᠲᠡᠶᠢᠯᠦᠭᠳᠡᠭᠰᠡᠨ ᠪᠤᠭᠤᠷᠤᠯ ᠬᠠᠶᠢᠯᠠᠰᠤ ᠰᠢᠭ᠋ ᠪᠦᠷᠳᠡᠶᠢᠵᠤ ᠪᠠᠷ᠎ᠠ ᠨᠢ ᠦᠭᠡᠶᠢᠯᠡᠭᠳᠡᠭᠡᠳ ᠪᠠᠶᠢᠬᠤ ᠶᠤᠮ᠂ ᠨᠠᠮᠤᠷ ᠤᠨ ᠨᠠᠮᠤᠷ ᠲᠠᠭᠠᠨ | ᠭᠠᠩᠳᠠᠭᠰᠠᠨ ᠳᠠᠪᠡᠯ ᠨᠢ ᠪᠦᠭᠴᠦᠭᠡᠷ ᠨᠢᠷᠤᠭᠤᠨ ᠳᠤᠨᠢ ᠡᠯᠡᠭᠳᠡᠭᠡᠳ ᠯᠡ ᠪᠠᠶᠢᠨ᠎ᠠ ᠁︾᠂ ᠡᠨᠡ ᠲᠠᠭᠤᠤ ᠪᠤᠯ ᠮᠠᠨ ᠤ ᠮᠤᠩᠭᠤᠯ ᠦᠨᠳᠦᠰᠦᠳᠡᠨ ᠤ ᠠᠯᠳᠠᠷᠳᠤ | ᠳᠠᠭᠤᠴᠢᠨ ᠲᠡᠭᠷᠢ ᠶᠢᠨ ᠵᠤᠭᠢᠶᠠᠵᠤ ᠳᠠᠭᠤᠯᠠᠭᠰᠠᠨ ︽ᠪᠤᠷᠬᠠᠨ ᠰᠡᠳᠭᠢᠯᠳᠤ ᠡᠵᠢ ᠮᠢᠨᠢ︾ ᠭᠡᠬᠦ ᠰᠠᠶᠢᠬᠠᠨ ᠳᠠᠭᠤᠤ ᠶᠤᠮ᠃ ᠮᠦᠨ ᠴᠦ ᠮᠢᠨᠤ ᠬᠠᠮᠤᠭ ᠠᠴᠠ | ᠳᠠᠭᠤᠯᠠᠬᠤ ᠲᠤᠷᠠᠳᠠᠢ᠂ ᠬᠠᠮᠤᠭ ᠠᠴᠠ ᠲᠤᠭᠤᠳᠠᠭ ᠮᠤᠩᠭᠤᠯ ᠲᠠᠭᠤᠤ ᠶᠢᠨ ᠨᠢᠭᠡ ᠨᠢ ᠶᠤᠮᠰᠠᠨ᠃ | ᠬᠠᠶᠢᠷᠠᠳᠤ ᠡᠵᠢ ᠮᠢᠨᠢ ᠳᠠᠯᠠᠨ ᠨᠢᠭᠡᠨ ᠨᠠᠰᠤᠨ ᠳᠠᠭᠠᠨ ᠠᠮᠢᠳᠤᠷᠠᠯ ᠤᠨ ᠵᠠᠮ ᠢᠶᠠᠨ ᠡᠴᠤᠰᠯᠠᠵᠤ᠂ ᠤᠯᠠᠭᠠᠭᠴᠢᠨ ᠲᠠᠬᠢᠶ᠎ᠠ ᠵᠢᠯ ᠤᠨ ᠴᠠᠭᠠᠨ ᠰᠠᠷ᠎ᠠ ᠶᠢᠨ | ᠠᠷᠪᠠᠨ ᠲᠤᠯᠤᠭᠠᠨ ᠤ ᠬᠤᠯᠤᠭᠠᠨ᠎ᠠ ᠴᠠᠭ ᠲᠤ ᠠᠪᠤ ᠪᠢᠳᠡᠨ ᠢ ᠪᠠᠨ ᠤᠷᠬᠢᠭᠠᠳ ᠲᠡᠭᠷᠢ ᠳᠤ ᠬᠠᠯᠢᠴᠢᠬᠠᠯ᠎ᠠ᠃ ᠡᠪᠡᠳᠴᠢᠨ ᠡᠮᠬᠡᠭ ᠡᠵᠢ ᠶᠢ ᠮᠢᠨᠢ ᠲᠠᠷᠴᠢᠯᠠᠭᠠᠵᠤ᠂ | ᠠᠷᠠᠰᠤ ᠶᠠᠰᠤ ᠪᠤᠯᠭᠠᠴᠢᠬᠠᠪᠠ᠃ ᠬᠡᠴᠡᠭᠦᠤ ᠡᠪᠡᠳᠴᠤ ᠰᠢᠨᠠᠯᠭᠠᠬᠤ ᠶᠢ ᠨᠢ ᠨᠡᠩ ᠪᠤᠤ ᠬᠡᠯᠡ︕ ᠠᠮᠢ ᠨᠠᠰᠤᠨ ᠤ ᠪᠠᠨ ᠡᠴᠤᠰ ᠤᠨ ᠬᠡᠳᠤᠨ ᠡᠳᠤᠷ ᠲᠤ ᠴᠦ ᠡᠵᠢ | ᠮᠢᠨᠢ ᠶᠡᠭᠡ ᠪᠠᠷ ᠶᠤᠤᠯᠠᠵᠤ ᠲᠤᠤᠭᠠᠷᠤᠭᠰᠠᠨ ᠢ ᠤᠯᠵᠤ ᠰᠤᠨᠤᠰᠤᠭ᠎ᠠ ᠦᠭᠡᠢ᠃ ᠡᠵᠢ ᠮᠢᠨᠢ ᠨᠢᠭᠡ ᠪᠡᠶᠡᠨ ᠳᠤ ᠪᠠᠨ ᠦᠷᠦᠭᠡᠯ ᠪᠤᠰᠤᠳ ᠢ ᠵᠤᠪᠠᠭᠠᠭᠰᠠᠨ ᠦᠭᠡᠢ᠂ | ᠦᠷ᠎ᠡ ᠭᠡᠤᠭᠡᠳ ᠢᠶᠠᠨ ᠨᠡᠩ ᠴᠦ ᠰᠠᠶᠢᠬᠠᠨ ᠬᠦᠮᠤᠵᠢᠬᠦᠯᠦᠨ ᠬᠦᠮᠤᠨ ᠤ ᠵᠡᠷᠭᠡ ᠳᠤ ᠬᠦᠷᠭᠡᠨ᠂ ᠬᠦᠮᠤᠨ ᠪᠤᠯᠬᠤ ᠶᠤᠰᠤ ᠶᠢ ᠵᠢᠭᠠᠵᠤ᠂ ᠬᠦᠰᠡᠯ ᠤᠨ ᠵᠢᠬᠦᠷ | ᠤᠷᠭᠤᠭᠤᠯᠤᠭᠰᠠᠨ ᠠᠭᠤᠤ ᠮᠦᠷᠳᠡᠭᠡᠨ ᠡᠭᠡᠯ ᠪᠤᠷᠤᠭᠵᠢᠭᠤᠨ ᠬᠦᠮᠦᠨ ᠪᠢᠯᠡ︕ | ᠡᠵᠢ ᠮᠢᠨᠢ ᠪᠤᠷᠬᠠᠨ ᠪᠤᠯᠳᠠᠯ᠎ᠠ ᠦᠪᠡᠷᠳᠡᠭᠡᠨ ᠲᠤᠭᠤᠭᠠᠳ ᠨᠢᠭᠡ ᠬᠤᠪᠴᠠᠰᠤ᠂ ᠨᠢᠭᠡ ᠡᠳ᠋ᠯᠡᠯ ᠭᠡᠷᠡᠭᠰᠡᠯ ᠴᠦ ᠠᠪᠤᠭᠰᠠᠨ ᠦᠭᠡᠢ᠃ ᠡᠭᠡᠴᠢ ᠪᠢᠳᠡᠨ ᠶᠠᠮᠠᠷ | ᠬᠤᠪᠴᠠᠰᠤ ᠠᠪᠤᠭᠠᠳ ᠦᠭᠪᠡᠯ ᠲᠡᠬᠦᠨ ᠢ ᠨᠢ ᠡᠮᠦᠰᠦᠭᠡᠳ ᠯᠠ ᠶᠠᠪᠤᠳᠠᠭ᠃ ᠤᠷᠠᠠ ᠤᠶᠤᠳᠠᠯᠴᠢᠨ ᠡᠵᠢ ᠮᠠᠨᠢ ᠦᠪᠡᠷ ᠤᠨ ᠪᠡᠶ᠎ᠠ ᠳᠡᠭᠡᠨ ᠭᠡᠵᠤ ᠭᠠᠳᠠᠷ ᠳᠡᠪᠡᠯ | ᠤᠶᠤᠵᠤ ᠦᠵᠡᠭᠡ ᠦᠭᠡᠢ᠂ ᠤᠤᠵᠢ ᠯᠠ ᠤᠶᠤᠭᠰᠠᠨ ᠨᠢ ᠨᠠᠳᠠ ᠳᠤ ᠦᠨᠢᠳᠡ ᠶᠢᠨ ᠲᠤᠷᠠᠰᠬᠠᠯ ᠪᠤᠯᠪᠠ᠃ | ᠬᠠᠶᠢᠷᠠᠳᠤ ᠡᠵᠢ ᠮᠢᠨᠢ ᠡ᠂ ᠦᠷ᠎ᠡ ᠨᠢ ᠪᠤᠯᠤᠭᠰᠠᠨ ᠪᠢᠳᠡ ᠲᠠᠨ ᠢ ᠪᠠᠨ ᠡᠬᠦᠷᠢᠳᠡ ᠲᠤᠷᠠᠰᠤᠨ ᠮᠦᠷᠦᠭᠡᠳᠴᠤ᠂ ᠡᠷᠭᠢᠬᠦ ᠲᠦᠷᠦᠯ ᠳᠡᠭᠡᠨ ᠨᠠᠩ ᠤᠷᠳᠤ | ᠨᠠᠰᠤᠯᠠᠵᠤ ᠤᠳᠠᠭᠠᠨ ᠵᠢᠷᠭᠠᠰᠠᠢ ᠭᠡᠮᠡᠨ ᠵᠠᠯᠪᠠᠷᠢᠨ ᠵᠠᠯᠪᠠᠷᠢᠨ ᠰᠠᠭᠤᠨ᠎ᠠ︕ ᠡᠵᠢ ᠮᠢᠨᠢ ᠳ᠋ᠧᠪᠠᠵᠠᠨ ᠤ ᠤᠷᠤᠨ ᠠᠴᠠ ᠪᠤᠷᠬᠠᠨ ᠤ ᠮᠦᠷ ᠲᠤ ᠤᠷᠤᠵᠤ᠂ ᠲᠠᠪᠤᠨ | ᠲᠢᠪ ᠤᠨ ᠴᠠᠭᠠᠨ᠎ᠠ ᠠᠴᠠ ᠬᠦᠮᠤᠨ ᠤ ᠤᠷᠴᠢᠯᠠᠩ — ᠦᠨᠡᠨ ᠤ ᠶᠢᠷᠳᠢᠨᠴᠤ ᠭᠡᠴᠢᠨᠡᠨ ᠠᠯᠤᠰ ᠬᠤᠯᠠ ᠭᠡᠵᠤ ᠪᠢᠳᠡᠬᠡᠢ ᠪᠤᠳᠤᠭᠠᠷᠠᠢ︕ ᠵᠡᠬᠦᠳᠤᠨ ᠰᠤᠪᠢᠩ᠂ | ᠵᠢᠷᠤᠬᠡᠨ ᠤ ᠤᠶᠠᠭ᠎ᠠ ᠲᠠᠨ ᠲᠠᠢ ᠪᠠᠨ ᠬᠤᠯᠪᠤᠭ᠎ᠠ ᠲᠠᠢ᠃ ᠵᠢᠷᠤᠬᠡ ᠰᠡᠳᠬᠢᠯ᠂ ᠵᠤᠷᠢᠭᠰᠠᠨ ᠵᠠᠮ ᠳᠠᠭᠠᠨ ᠲᠠᠨ ᠤ ᠪᠠᠨ ᠰᠤᠷᠭᠠᠯ ᠢᠶᠠᠷ ᠠᠮᠢᠳᠤᠷᠠᠵᠠᠭᠠᠶ᠎ᠠ︕ | ᠠᠮᠤᠷᠯᠢᠩᠭᠤᠢ ᠨᠦᠢᠷᠰᠤᠭᠠᠷᠠᠢ︕ | ᠡᠵᠢ ᠮᠢᠨᠢ ᠡ᠂ ᠲᠠ ᠪᠤᠯ ᠪᠢᠳᠠᠨ ᠤ ᠰᠡᠳᠬᠢᠯ ᠤᠨ ᠨᠠᠷᠨ᠂ ᠵᠢᠷᠤᠬᠡᠨ ᠤ ᠲᠤᠯᠢ᠂ ᠡᠨᠡ ᠨᠠᠰᠤᠨ ᠤ ᠮᠦᠩᠭᠡ ᠶᠢᠨ ᠰᠢᠳᠦᠬᠡᠨ ᠪᠢᠯᠠ᠃ ᠪᠤᠷᠬᠠᠨ | ᠰᠡᠳᠬᠢᠯᠳᠤ ᠡᠵᠢ ᠮᠢᠨᠤ᠂ ᠮᠦᠷᠤᠭᠡᠳᠤᠨ ᠮᠦᠷᠤᠭᠡᠳᠤᠨ ᠮᠦᠷᠬᠦᠨᠠᠮ︕ | ᠪᠤᠳᠠᠩ ᠲᠠᠢ ᠪᠤᠭᠤᠷᠤᠯ ᠬᠤᠷᠸ᠎ᠠ ᠳᠠᠭᠠᠨ ᠪᠦᠪᠠᠶᠢᠯᠠᠵᠤ ᠦᠰᠭᠡᠭᠰᠡᠨ ᠡᠵᠢ ᠮᠢᠨᠢ ᠳ᠋ᠠ ᠬᠦᠢ | ᠪᠤᠷᠤᠭᠤ ᠵᠦᠪ ᠬᠤᠶᠠᠷ ᠢ ᠮᠢᠨᠢ ᠤᠬᠠᠭᠠᠷᠠᠭᠤᠯᠵᠤ ᠦᠰᠭᠡᠭᠰᠡᠨ ᠡᠵᠢ ᠮᠢᠨᠢ ᠳ᠋ᠠ | ᠲᠤᠭᠤᠰᠤ ᠲᠠᠢ ᠰᠢᠷᠭᠠᠯ ᠬᠤᠷᠸ᠎ᠠ ᠳᠠᠭᠠᠨ ᠲᠤᠷᠨᠢᠭᠤᠯᠤᠨ ᠦᠰᠭᠡᠭᠰᠡᠨ ᠡᠵᠢ ᠮᠢᠨᠢ ᠳ᠋ᠠ ᠬᠦᠢ | ᠲᠤᠭ᠎ᠠ ᠲᠠᠢ ᠭᠡᠳᠤᠭᠡᠨ ᠨᠠᠰᠤᠨ ᠳᠠᠭᠠᠨ ᠲᠤᠭᠯᠠᠭᠤᠯᠤᠨ ᠦᠰᠭᠡᠭᠰᠡᠨ ᠡᠵᠢ ᠮᠢᠨᠢ ᠳ᠋ᠠ | ᠡᠵᠢ ᠮᠢᠨᠢ ᠠᠪᠤ ᠲᠠᠢ ᠲᠠᠨᠢᠯᠴᠠᠭᠠᠳ ᠤᠤᠭᠠᠯ ᠨᠤᠳᠤᠭ ᠠᠴᠠ ᠪᠠᠨ ᠰᠠᠯᠵᠤ᠂ ᠰᠢᠨ᠎ᠠ ᠪᠠᠷᠭᠤ ᠵᠡᠬᠦᠨ ᠬᠤᠰᠢᠭᠤᠨ ᠳᠤ ᠢᠷᠡᠬᠦ ᠳᠤ ᠬᠦᠭᠡ ᠲᠡᠭᠷᠢ᠂ ᠴᠠᠭᠠᠨ | ᠡᠬᠦᠯᠡ᠂ ᠨᠤᠮᠢᠨ ᠨᠤᠭᠤᠭᠠᠨ ᠲᠠᠯ᠎ᠠ ᠶᠢ ᠬᠠᠷᠠᠭᠠᠳ ᠪᠠᠭ᠋ᠠᠷᠬᠠᠳᠠᠭ ᠪᠠᠶᠢᠯ᠎ᠠ᠃ ᠲᠦᠷᠦᠭᠰᠡᠨ ᠨᠤᠳᠤᠭ ᠤᠨ ᠢᠶᠠᠨ ᠲᠠᠷᠢᠶᠠᠨ ᠦᠵᠦᠬᠦᠷ ᠨᠠᠭᠠᠳᠴᠤ᠂ ᠡᠪᠦᠭᠡ ᠶᠢ ᠲᠠᠭᠠᠨ | ᠲᠠᠷᠢᠶ᠎ᠠ ᠠᠷᠴᠢᠵᠤ᠂ ᠲᠠᠷᠢᠶ᠎ᠠ ᠤᠰᠤᠯᠠᠵᠤ᠂ ᠲᠠᠷᠢᠶ᠎ᠠ ᠬᠤᠷᠢᠶᠠᠵᠤ ᠶᠠᠪᠤᠬᠤ ᠳᠤ ︽ᠲᠡᠮᠤᠷ ᠦᠭᠢᠨ︾ ᠴᠤᠯᠠ ᠤᠯᠤᠭᠰᠠᠨ ᠡᠳᠤᠷ ᠤᠳ ᠢᠶᠠᠨ ᠴᠦ ᠰᠠᠨᠠᠭᠠᠯᠵᠠᠳᠠᠭ | ᠪᠠᠶᠢᠭᠰᠠᠨ᠃ ᠡᠵᠢ ᠮᠢᠨᠢ ᠢᠩᠭᠢᠵᠤ ᠯᠡ ᠪᠠᠷᠭᠤ ᠶᠢᠨ ᠠᠭᠤᠳᠠᠮ ᠲᠠᠯ᠎ᠠ ᠳᠤ ᠬᠦᠯ ᠲᠤᠭᠳᠠᠨ᠂ ᠠᠪᠤ ᠲᠠᠢ ᠮᠢᠨᠢ ᠬᠠᠮᠳᠤ ᠪᠠᠷ ᠴᠢᠷᠮᠠᠶᠢᠨ ᠲᠠᠪᠤᠨ ᠭᠡᠤᠭᠡᠳ ᠵᠶᠠᠨ | ᠬᠦᠮᠦᠨ ᠤ ᠵᠡᠷᠭᠡ ᠳᠤ ᠬᠦᠷᠭᠡᠨ᠂ ᠡᠷᠳᠡᠮ ᠤᠨ ᠵᠢᠯᠤᠭᠤ ᠶᠢ ᠠᠳᠬᠤᠭᠤᠯᠤᠨ᠂ ᠡᠩ ᠦᠭᠡᠢ ᠡᠨᠡ ᠬᠤᠷᠸ᠎ᠠ ᠳᠤ ᠡᠶ᠎ᠡ ᠨᠠᠶᠢᠷ ᠲᠠᠢ ᠠᠮᠢᠳᠤᠷᠠᠬᠤ ᠤᠬᠠᠭᠠᠨ ᠪᠤᠳᠤᠯ ᠢ | ᠰᠡᠳᠬᠢᠯ ᠳᠤ ᠮᠠᠨᠢ ᠬᠦᠨ ᠬᠠᠳᠠᠩᠰᠢᠭᠤᠯᠪᠠ᠃ | ︽ᠵᠠᠮ ᠤᠨ ᠠᠯᠤᠰ ᠭᠤᠳᠤᠯ ᠢ ᠡᠯᠡᠬᠡᠨᠡ᠂ ᠵᠢᠷᠤᠬᠡᠨ ᠤ ᠡᠷᠢᠯ ᠴᠠᠭ ᠢ ᠡᠯᠡᠭᠡᠨ᠎ᠡ︾ ᠭᠡᠳᠡᠭᠴᠢᠯᠡᠨ ᠬᠠᠶᠢᠷᠠᠳᠤ ᠡᠵᠢ ᠲᠠᠨ ᠢ ᠪᠠᠨ ᠪᠤᠳᠤᠬᠤ ᠪᠦᠷᠢ | ᠬᠠᠶᠢᠷ᠎ᠠ ᠶᠢᠨ ᠨᠢᠯᠪᠤᠰᠤ ᠦᠪᠡᠷ ᠤᠨ ᠡᠷᠬᠡ ᠦᠭᠡᠢ ᠪᠦᠮᠪᠦᠷᠢᠨᠠ᠃ ᠲᠠᠨ ᠤ ᠪᠠᠨ ᠦᠯᠡᠳᠡᠭᠡᠵᠤ ᠦᠭᠬᠦᠭᠰᠡᠨ ᠨᠠᠰᠤᠨ ᠤ ᠬᠦᠷᠦᠩᠭᠡ — ᠦᠨᠡᠨᠴᠢ ᠰᠢᠳᠤᠷᠭᠤ᠂ | ᠠᠵᠢᠯᠴᠢ ᠠᠷᠪᠢᠴᠢ᠂ ᠨᠦᠬᠦᠷᠰᠡᠭ ᠳᠤᠲᠤᠨᠤ᠂ ᠴᠠᠶᠢᠯᠭᠠᠨ ᠴᠠᠭᠠᠪᠤᠷ᠂ ᠦᠷᠦᠭᠡᠯ ᠳᠤ ᠦᠷᠤᠪᠴᠢᠭᠡᠨ ᠰᠠᠶᠢᠬᠠᠨ ᠰᠤᠷᠳᠠᠯ ᠢ ᠲᠠᠨᠢ ᠦᠶ᠎ᠠ ᠶᠢᠨ ᠦᠶ᠎ᠠ ᠳᠤ ᠪᠠᠨ | ᠤᠯᠠᠮᠵᠢᠯᠠᠨ ᠦᠯᠡᠳᠡᠭᠡᠨᠡᠮ︕ | ︽ᠠᠪᠤ ᠶᠢᠨ ᠤᠷᠭ᠎ᠠ ᠶᠢ ᠪᠠᠷᠢᠵᠤ ᠰᠤᠷ᠂ ᠠᠵᠢᠯ ᠴᠢᠨᠢ ᠠᠮᠵᠢᠯᠳᠠ ᠲᠠᠢ ᠪᠤᠯᠬᠤ ᠶᠤᠮ᠂ ᠡᠵᠢ ᠶᠢᠨ ᠤᠶᠤᠳᠠᠯ ᠢ ᠬᠢᠵᠤ ᠰᠤᠷ᠂ ᠡᠷᠡᠬᠦᠯ ᠰᠠᠷᠠᠭᠤᠯ | ᠠᠮᠢᠳᠤᠷᠠᠬᠤ ᠶᠤᠮ︾ ᠭᠡᠳᠡᠭ ᠢᠶᠠᠷ ᠡᠵᠢ ᠮᠢᠨᠢ ᠨᠠᠳᠠ ᠳᠤ ᠨᠠᠰᠤᠨ ᠲᠤᠷᠰᠢᠳᠠ ᠶᠢᠨ ᠦᠪ ᠢᠶᠠᠨ ᠦᠯᠡᠳᠡᠭᠡᠭᠰᠡᠨ ᠰᠠᠨ᠃ ᠮᠢᠨᠤ ᠡᠵᠢ ᠶᠢᠨ ᠬᠤᠸᠠᠷ ᠬᠠᠳᠬᠤᠮᠠᠯ ᠨᠢ | ᠠᠮᠢᠳᠤ ᠴᠤᠪᠤᠭᠤᠯᠢᠭ᠂ ᠯᠤᠤ ᠭᠠᠷᠤᠳᠢ ᠨᠢ ᠠᠯᠳᠠᠨ ᠤᠳᠠᠰᠤ ᠪᠠᠷ ᠬᠡᠯᠬᠢᠵᠤ᠂ ᠲᠦᠷᠰᠦᠯᠢᠭ ᠲᠤᠳᠤᠬᠠᠨ᠂ ᠯᠢᠩᠬᠸ᠎ᠠ ᠬᠤᠸᠠᠷ ᠨᠢ ᠦᠩᠭᠡ ᠪᠤᠳᠤᠭ ᠰᠤᠷᠭᠤᠭ | ᠭᠤᠶᠤᠬᠠᠨ ᠭᠠᠶᠢᠬᠠᠯᠳᠠᠢ ᠪᠠᠶᠢᠳᠠᠭ᠃ ᠡᠵᠢ ᠪᠢᠳᠡᠨ ᠢ ᠪᠠᠭ᠎ᠠ ᠪᠠᠶᠢᠬᠤ ᠳᠤ ᠬᠤᠨᠢ ᠢᠮᠠᠭ᠎ᠠ᠂ ᠲᠡᠮᠡᠭᠡᠨ ᠤ ᠨᠤᠤᠰᠤ ᠶᠢ ᠵᠤᠯᠤᠭᠠᠳ ᠨᠠᠷᠢᠬᠠᠨ ᠤᠳᠠᠰᠤ ᠡᠭᠡᠷᠡᠵᠤ᠂ | ᠳᠠᠬᠢᠨ ᠲᠦᠷᠪᠡ᠂ ᠲᠠᠪᠤᠨ ᠰᠢᠷᠬᠡᠭ ᠤᠳᠠᠰᠤ ᠶᠢ ᠨᠡᠶᠢᠯᠡᠬᠦᠯᠦᠨ ᠲᠠᠮᠤᠭᠠᠳ ᠨᠢᠭᠡ ᠪᠦᠳᠦᠬᠦᠨ ᠰᠢᠭ ᠨᠤᠤᠰᠤᠨ ᠤᠳᠠᠰᠤ ᠪᠤᠯᠭᠠᠭᠠᠳ᠂ ᠤᠯᠠᠨ ᠡᠳᠤᠷ ᠤᠨ | ᠲᠠᠮᠤᠭᠰᠠᠨ ᠤᠳᠠᠰᠤ ᠪᠠᠨ ᠠᠪᠤ ᠶᠢᠨ ᠬᠤᠳᠠᠯᠳᠤᠨ ᠠᠪᠴᠢᠷᠠᠭᠰᠠᠨ ᠦᠩᠭᠡ ᠪᠦᠷᠢ ᠶᠢᠨ ᠨᠤᠤᠰᠤᠨ ᠤ ᠪᠤᠳᠤᠭ ᠢᠶᠠᠷ ᠥᠩᠭᠡᠯᠡᠴᠢᠬᠡᠭᠡᠳ ᠨᠠᠭᠠᠴᠤ ᠡᠮᠡᠭᠡ᠂ ᠠᠪᠤ | ᠪᠤᠯᠤᠨ ᠮᠠᠨᠤᠰ ᠲᠤ ᠶᠠᠩᠵᠤ ᠪᠤᠯᠭᠠᠨ ᠤ ᠨᠤᠤᠰᠤᠨ ᠬᠠᠨᠳᠠᠭᠠᠰᠤ᠂ ᠨᠤᠤᠰᠤᠨ ᠮᠠᠯᠠᠭᠠᠢ᠂ ᠪᠡᠬᠡᠯᠡᠢ᠂ ᠬᠦᠵᠦᠬᠦᠨ ᠤᠷᠢᠶᠠᠯᠲᠠ ᠶᠢ ᠨᠡᠭᠡᠵᠤ ᠤᠷᠠᠯᠠᠳᠠᠭ ᠪᠠᠶᠢᠯ᠎ᠠ᠃ | ᠮᠢᠨᠤ ᠡᠵᠢ ᠶᠢᠨ ᠮᠠᠰᠢᠨ ᠤᠶᠤᠳᠠᠯ᠂ ᠭᠠᠷ ᠤᠶᠤᠳᠠᠯ ᠨᠢ ᠴᠦ ᠨᠤᠳᠤᠭ ᠤᠰᠤᠨ ᠳᠠᠭᠠᠨ ᠠᠯᠳᠠᠷᠳᠠᠢ ᠪᠠᠶᠢᠳᠠᠭ᠃ ᠦᠡᠭᠭᠡᠷᠡᠭᠰᠡᠨ ᠳᠤ ᠠᠶᠢᠯ ᠰᠠᠭᠠᠬᠠᠯᠳᠠ ᠶᠢᠨ ᠬᠢᠨ ᠤ | ᠲᠧᠯᠸᠢᠰ᠂ ᠬᠤᠪᠴᠠᠰᠤ ᠤᠭᠢᠶᠠᠬᠤ ᠮᠠᠰᠢᠨ ᠤ ᠪᠦᠳᠡᠭᠡᠯᠭᠡ᠂ ᠡᠬᠦᠳᠡᠨ ᠤᠷᠬᠢᠭᠤᠯ᠂ ᠤᠷᠤ ᠶᠢᠨ ᠪᠦᠳᠡᠭᠡᠯᠭᠡ ᠶᠢ ᠴᠠᠭᠠᠨ ᠪᠦᠰ ᠲᠡᠭᠡᠷ᠎ᠡ ᠵᠢᠷᠤᠭ ᠦᠰᠦᠭ | ᠬᠠᠪᠰᠤᠷᠭᠠᠨ ᠬᠠᠳᠬᠤᠮᠠᠯ ᠤᠷᠠᠯᠠᠵᠤ᠂ ᠬᠦᠪᠡᠭᠡ ᠶᠢ ᠨᠢ ᠬᠦᠬᠡ᠂ ᠤᠯᠠᠭᠠᠨ᠂ ᠨᠤᠭᠤᠭᠠᠨ ᠮᠡᠳᠤ ᠶᠢᠨ ᠦᠩᠭᠡ ᠪᠦᠷᠢ ᠶᠢᠨ ᠪᠦᠰ ᠢᠶᠠᠷ ᠬᠦᠪᠡᠭᠡᠯᠡᠵᠤ ᠤᠶᠤᠵᠦ | ᠦᠭᠬᠦᠭᠰᠡᠨ ᠨᠢ ᠲᠤᠩ ᠴᠦ ᠭᠤᠶᠤ ᠬᠠᠷᠠᠭᠳᠠᠳᠠᠭ ᠪᠠᠶᠢᠭᠰᠠᠨ᠃ ᠨᠠᠳᠠ ᠶᠢ ᠪᠠᠭ᠎ᠠ ᠰᠤᠷᠭᠠᠭᠤᠯᠢ ᠳᠤ ᠪᠠᠶᠢᠬᠤ ᠳᠤ ᠨᠡᠭᠡᠵᠤ ᠦᠭᠬᠦᠭᠰᠡᠨ ᠲᠠᠪᠤᠨ ᠬᠤᠷᠤᠭᠤ ᠲᠠᠢ | ᠡᠷᠢᠶᠡᠨ ᠲᠠᠬᠢ ᠶᠢᠨ ᠪᠡᠭᠡᠯᠡᠢ ᠶᠢ ᠪᠢ ᠭᠢᠴᠢᠶᠡᠯ ᠤᠨ ᠰᠢᠷᠡᠭᠡᠨ ᠤ ᠬᠤᠷᠭᠤᠨ ᠳᠠᠭᠠᠨ ᠤᠷᠬᠢᠭᠠᠳ ᠬᠡᠭᠡᠴᠢᠭᠡᠭᠰᠡᠨ ᠨᠢ ᠦᠨᠤ ᠪᠤᠳᠤᠬᠤ ᠳᠤ ᠴᠦ ᠦᠨᠡᠭᠡᠷ ᠬᠠᠷᠠᠮᠰᠠᠯᠳᠠᠢ᠃ | ᠪᠢᠳᠡᠨ ᠢ ᠪᠠᠭ᠎ᠠ ᠳᠤ ᠡᠵᠢ ᠮᠢᠨᠢ ᠰᠠᠷ᠎ᠠ ᠶᠢᠨ ᠲᠤᠭ᠎ᠠ ᠲᠠᠢ ᠦᠭᠳᠡᠭ ᠬᠡᠳᠤᠬᠡᠨ ᠲᠤᠬᠤᠢ ᠪᠦᠰ ᠢᠶᠠᠨ ᠠᠷᠪᠢᠯᠠᠨ ᠪᠠᠶᠢᠵᠤ᠂ ᠨᠠᠭᠠᠴᠤ ᠡᠮᠡᠭᠡ᠂ ᠠᠪᠤ᠂ ᠪᠢᠳᠡᠨ ᠠᠬ᠎ᠠ | ᠳᠡᠬᠦᠤ ᠬᠡᠳᠦᠬᠦᠯᠠ ᠳᠤ ᠴᠠᠭᠠᠨ ᠰᠠᠷ᠎ᠠ ᠠᠴᠠ ᠡᠮᠦᠨ᠎ᠡ ᠰᠢᠨ᠎ᠠ ᠬᠤᠪᠴᠠᠰᠤ ᠡᠮᠦᠰᠬᠡᠬᠦ ᠶᠢ ᠵᠤᠷᠢᠳᠠᠭ᠃ ᠲᠡᠬᠡᠬᠦ ᠳᠤ ᠪᠢᠳᠡᠨ ᠬᠦᠯᠢᠶᠡᠭᠰᠡᠭᠡᠷ ᠰᠢᠨ᠎ᠡ ᠬᠤᠪᠴᠠᠰᠤ ᠪᠠᠨ | ᠡᠮᠤᠰᠴᠢᠬᠡᠭᠡᠳ ᠭᠠᠳᠠᠨ᠎ᠠ ᠡᠬᠦᠳᠡᠨ ᠤ ᠪᠠᠨ ᠠᠷᠤ ᠳᠤ ᠨᠢᠭᠤᠭᠳᠠᠵᠤ ᠡᠵᠢ ᠠᠴᠠ ᠪᠠᠨ᠄ ︽ᠮᠦᠮᠤ ᠡ᠂ ᠪᠢ ᠦᠰᠦᠭᠰᠡᠨ ᠤᠤ︖ ︾ᠭᠡᠪᠡᠯ ᠡᠵᠢ ᠬᠠᠷᠢᠭᠤ ᠳᠤᠨᠢ᠄ | ︽ᠦᠰᠴᠡᠢ᠂ ᠦᠰᠴᠠᠢ︾ ᠭᠡᠪᠡᠯ ᠪᠢᠳᠡᠡ ᠦᠨᠡᠮᠰᠢᠵᠦ ᠬᠦᠭᠡᠷᠦᠭᠡᠳ ᠯᠡ ᠭᠡᠷ ᠲᠡᠭᠡᠨ ᠤᠷᠤᠵᠤ ᠠᠪᠤ ᠡᠵᠢ ᠳᠡᠭᠡᠨ ᠵᠤᠯᠭᠠᠳᠠᠭ᠃ | ᠬᠠᠶᠢᠷᠠᠳᠤ ᠡᠵᠢ ᠮᠢᠨᠢ ᠡ᠂ ᠲᠠᠨ ᠤ ᠪᠠᠨ ᠠᠴᠢ ᠭᠠᠪᠢᠶ᠎ᠠ᠂ ᠰᠤᠳᠤᠨ ᠰᠤᠷᠭᠠᠯ᠂ ᠪᠤᠷᠤᠭᠵᠢᠭᠤᠨ ᠰᠤᠷᠳᠠᠯ ᠢ ᠲᠠᠨᠢ ᠦᠷ᠎ᠠ ᠴᠢᠨᠢ ᠪᠢᠳᠡᠨ ᠤᠯᠠᠮᠵᠢᠯᠠᠨ | ᠵᠠᠯᠭᠠᠮᠵᠢᠯᠠᠵᠦ᠂ ᠲᠠᠨ ᠢ ᠪᠠᠨ ᠨᠠᠰᠤᠨ ᠲᠤᠷᠰᠢᠳᠠ ᠲᠤᠷᠠᠰᠤᠨ ᠰᠠᠨᠠᠭᠠᠯᠵᠠᠵᠤ ᠶᠠᠪᠤᠨ᠎ᠠ︕ |