ᠵᠣᠬᠢᠶᠠᠭᠴᠢ᠄ ᠲ᠊ · ᠪᠤᠮᠡᠷᠳᠡᠨᠢ ﹇ᠮᠤᠩᠭᠤᠯ﹈ | ᠨᠠᠭᠤᠷ ᠤᠨ ᠡᠷᠬᠢ ᠳᠡᠭᠡᠷᠡᠬᠢ ᠰᠡᠭᠦᠯ ᠳᠤ ᠠᠪᠴᠢᠷᠠᠵᠤ ᠳᠠᠯᠪᠢᠭᠰᠠᠨ ᠪᠤᠯᠪᠠ ᠤᠤ ᠭᠡᠮᠡᠷ ᠳᠡᠭᠰᠢᠯᠡᠵᠤ ᠵᠠᠰᠠᠭᠰᠠᠨ ᠬᠠᠷ᠎ᠠ ᠬᠠᠳᠠᠨ ᠳᠡᠭᠡᠷ᠎ᠡ ᠳᠡᠷᠳᠡᠭᠡ | ᠵᠡᠭᠦᠨᠳᠡᠢ ᠠᠴᠠ ᠨᠠᠭᠤᠷ ᠤᠨ ᠮᠠᠨᠳᠠᠯ ᠳᠡᠭᠡᠭᠦᠷ ᠴᠤᠬᠤᠶᠢᠬᠤ ᠨᠠᠷᠠ ᠶᠢ ᠠᠵᠢᠨ ᠰᠠᠭᠤᠭ᠎ᠠ ᠡᠷ᠎ᠡ ᠶᠢ ᠭᠠᠷᠮᠠᠵᠠᠪ ᠭᠡᠨ᠎ᠡ᠃ ︽ᠶᠡᠭᠡ ᠤᠰᠤ ᠶᠤᠮ ᠡ᠃ ᠦᠨᠡᠭᠡᠷ ᠳᠤᠮᠤ | ᠨᠠᠭᠤᠷ ᠶᠤᠮ︾ ᠭᠡᠵᠤ ᠳᠡᠷᠡ ᠪᠠᠷ ᠱᠠᠭᠰᠢᠨ ᠪᠤᠳᠤᠯᠭᠠᠰᠢᠷᠠᠨᠠ᠃ ᠦᠨᠡᠨ ᠳᠡᠭᠡᠨ ᠪᠤᠯ ᠨᠠᠭᠤᠷ ᠭᠡᠳ ᠪᠠᠶᠢᠭ᠎ᠠ ᠪᠤᠯᠬᠤ ᠠᠴᠠ ᠭᠠᠷᠮᠠᠵᠠᠪ ᠰᠢᠭ᠋ ᠤᠰᠤ ᠦᠭᠡᠢ | ᠭᠠᠵᠠᠷ ᠤᠨ ᠬᠦᠮᠦᠨ ᠳᠤ ᠪᠤᠯ ᠳᠠᠯᠠᠢ ᠯᠠ ᠭᠡᠰᠡᠨ ᠦᠭᠡ ᠶᠤᠮ ᠳ᠋ᠠ᠃ | ᠶᠠᠭᠤᠨ ᠳᠤ ᠴᠦ ᠰᠡᠭᠡᠯᠵᠡᠭᠡᠳ ᠦᠷ ᠬᠠᠶᠠᠭᠠᠷᠠᠬᠤ ᠶᠢᠨ ᠠᠯᠳᠠ ᠳᠤ ᠨᠦᠢᠷ ᠨᠢ ᠪᠦᠷᠢᠨ ᠰᠡᠷᠭᠦᠴᠢᠭᠡᠯᠡ᠃ ᠦᠨᠦᠳᠦᠷ ᠠᠮᠠᠷᠠᠯᠳᠠ ᠶᠢᠨ ᠡᠳᠦᠷ ᠨᠢᠭᠡ | ᠰᠠᠶᠢᠨ ᠤᠨᠳᠠᠭᠠᠳ ᠠᠪᠬᠤ ᠭᠡᠰᠡᠨ ᠳᠡᠭᠦᠨ ᠤ ᠬᠦᠰᠡᠯ ᠳᠠᠯᠠᠭᠠᠷ ᠦᠩᠭᠡᠷᠡᠪᠡ᠃ ᠴᠤᠩᠬᠤ ᠪᠠᠷ ᠭᠡᠶᠢᠬᠦ ᠦᠷ ᠤᠨ ᠰᠠᠭᠠᠷᠠᠯ ᠭᠡᠭᠡ ᠳᠡᠷᠡᠭᠦᠭᠡᠨ ᠦᠶ᠎ᠡ ᠳᠡᠭᠡᠨ | ᠪᠦᠦᠳᠡᠶᠢᠬᠦ ᠠᠪᠠᠴᠤ ᠬᠤᠷᠤᠮ ᠮᠦᠴᠡ ᠦᠩᠭᠡᠷᠡᠬᠦ ᠳᠤᠰᠤᠮ ᠢᠯᠠᠨ ᠳᠡᠶᠢᠯᠬᠦ ᠶᠢᠨ ᠢᠳᠡ ᠬᠠᠪᠤ ᠰᠢᠩᠭᠡᠵᠤ᠂ ᠤᠯᠠᠮ ᠪᠦᠷ ᠳᠠᠮᠢᠷᠵᠢᠨ ᠳᠤᠶᠠᠭᠠᠷᠠᠨ᠎ᠠ᠃ ᠭᠠᠷᠮᠠᠵᠠᠪ | ᠭᠡᠦᠭᠡᠳ ᠠᠬᠤᠢ ᠴᠠᠭ ᠲᠠᠭᠠᠨ ᠶᠠᠭ ᠯᠠ ᠡᠶᠢᠮᠦ ᠵᠤᠨ ᠤ ᠦᠷᠯᠦᠭᠡ ᠮᠥᠨ ᠴᠦ ᠤᠯᠠᠨ ᠤᠳᠠᠭ᠎ᠠ ᠡᠷᠳᠡᠯᠡᠨ ᠪᠤᠰᠴᠤ᠂ ᠬᠦᠬᠦᠷ ᠲᠠᠢ ᠠᠶᠢᠷᠠᠭ ᠠᠴᠠ | ᠬᠤᠯᠤᠨ ᠳᠤ ᠬᠢᠨ᠂ ᠬᠦᠬᠡ ᠳᠤᠰᠤ ᠶᠢ ᠨᠢ ᠦᠯᠢᠶᠡᠭᠰᠡᠨ ᠪᠤᠯᠵᠤ ᠭᠡᠳᠦ ᠵᠠᠯᠬᠢᠯᠠᠭᠠᠳ ᠠᠳᠤᠭᠤᠨ ᠳᠠᠭᠠᠨ ᠮᠤᠷᠳᠠᠳᠠᠭ ᠰᠠᠨ᠃ ᠳᠡᠭᠦᠨ ᠢ ᠪᠠᠨ ᠰᠠᠨᠠᠭᠰᠠᠨ ᠤᠤ᠂ | ᠡᠰᠡᠪᠡᠯ ᠪᠦᠭᠴᠢᠮ ᠬᠤᠨᠤᠭᠰᠠᠨ ᠠᠴᠠ ᠪᠤᠯᠤᠭᠰᠠᠨ ᠤᠤ᠂ ᠳᠡᠷᠡ ᠪᠠᠷ ᠤᠬᠤᠰᠬᠢᠨ ᠪᠤᠰᠴᠤ᠂ ᠬᠦᠷᠦᠭᠡᠭᠴᠢ ᠠᠴᠠ ᠬᠦᠢᠳᠡᠨ ᠤᠰᠤ ᠭᠠᠷᠭᠠᠨ ᠬᠤᠶᠠᠷ | ᠵᠠᠪᠠᠵᠢ ᠪᠠᠷ ᠢᠶᠠᠨ ᠰᠠᠭᠠᠷᠠᠳᠠᠯᠠ ᠵᠠᠯᠬᠢᠯᠠᠯᠠ᠃ ᠳᠡᠭᠡᠭᠰᠡᠨ ᠢᠶᠠᠨ ᠬᠤᠪᠴᠠᠰᠤ ᠪᠠᠨ ᠡᠮᠦᠰᠦᠨ ᠭᠠᠷᠴᠤ᠂ ᠳᠡᠷᠭᠡ ᠪᠠᠨ ᠠᠰᠠᠭᠠᠨ ᠶᠠᠮᠠᠷ ᠴᠦ ᠡᠷᠡᠭᠡᠯᠵᠡᠭᠡ ᠦᠭᠡᠢ ᠪᠠᠷ | ᠨᠠᠭᠤᠷ ᠤᠨ ᠬᠦᠪᠡᠭᠡ ᠤᠷᠤᠭᠤ ᠳᠠᠪᠬᠢᠵᠤ ᠢᠷᠡᠭᠰᠡᠨ ᠨᠢ ᠡᠨᠡ᠃ ᠰᠡᠭᠦᠯ ᠤᠨ ᠦᠶ᠎ᠡ ᠳᠤ ᠶᠠᠭᠤᠮ᠎ᠠ ᠯᠠ ᠪᠤᠯ ᠠᠳᠡ ᠢᠷᠡᠵᠤ᠂ ᠡᠭᠦᠨ ᠠᠴᠠ ᠴᠠᠭᠠᠰᠢ ᠶᠠᠪᠤᠬᠤ | ᠭᠠᠵᠠᠷ ᠦᠭᠡᠢ ᠪᠤᠯᠤᠭᠰᠠᠨ ᠮᠡᠳᠦ ᠵᠡᠭᠦᠨ ᠵᠦᠭ ᠢ ᠰᠢᠷᠳᠡᠨ ᠵᠤᠭᠰᠤᠬᠤ ᠪᠤᠯᠴᠢᠬᠠᠭᠰᠠᠨ ᠪᠠᠶᠢᠭ᠎ᠠ ᠶᠤᠮ᠃ | ᠳᠤᠭ᠎ᠠ ᠳᠤᠮᠰᠢ ᠦᠭᠡᠢ ᠤᠯᠠᠨ ᠮᠠᠰᠢᠨ ᠤᠷᠤᠯᠳᠤᠨ ᠳᠠᠪᠬᠢᠬᠤ ᠦᠷᠭᠡᠨ ᠬᠠᠷ᠎ᠠ ᠵᠠᠮ ᠨᠠᠭᠤᠷ ᠤᠨ ᠬᠦᠪᠡᠭᠡ ᠶᠢ ᠡᠮᠵᠢᠶᠡᠷᠢᠯᠡᠨ ᠡᠴᠦᠰ ᠳᠡᠭᠦᠰᠭᠡᠯ ᠦᠭᠡᠢ | ᠮᠡᠳᠦ ᠠᠯᠤᠰᠷᠠᠬᠤ ᠪᠦᠭᠡᠳ ᠶᠠᠭ ᠡᠨᠡ ᠵᠠᠮ ᠠᠴᠠ ᠪᠠᠷᠠᠭᠤᠨ ᠳᠡᠶᠢᠰᠢ ᠤᠯᠠᠨ ᠤᠯᠠᠨ ᠦᠨᠳᠦᠷ ᠪᠠᠷᠢᠯᠭ᠎ᠠ ᠨᠤᠭᠤᠳ ᠰᠢᠯᠢ ᠰᠢᠯᠢ ᠪᠠᠨ ᠬᠠᠷᠠᠨ ᠢᠷᠠᠶᠢᠭᠰᠠᠨ ᠶᠡᠭᠡ | ᠬᠤᠳᠠ ᠨᠡᠭᠦᠭᠡᠯᠳᠦᠨᠡ᠃ ᠦᠨᠳᠦᠷ ᠦᠨᠳᠦᠷ ᠪᠠᠶᠢᠰᠢᠩ ᠤᠨ ᠳᠦᠭ ᠳᠦᠮᠡᠨ ᠴᠤᠩᠬᠤ ᠨᠤᠭᠤᠳ ᠨᠠᠭᠤᠷ ᠤᠨ ᠴᠠᠭᠠᠨ᠎ᠠ ᠠᠴᠠ ᠮᠠᠨᠳᠤᠬᠤ ᠨᠠᠷᠠᠨ ᠤ ᠳᠤᠶᠠᠭ᠎ᠠ ᠶᠢ | ᠬᠢᠯᠳᠤᠭᠠᠨᠠᠭᠤᠯᠤᠨ ᠬᠢᠯᠠᠯᠵᠠᠬᠤ ᠠᠭᠠᠳ ᠵᠠᠷᠢᠮ ᠨᠢᠭᠡ ᠨᠠᠮᠬᠠᠪᠳᠤᠷ ᠪᠠᠶᠢᠰᠢᠩ ᠨᠤᠭᠤᠳ ᠳᠡᠳᠡᠨ ᠤ ᠰᠦᠷ ᠲᠤ ᠳᠠᠷᠤᠭᠳᠠᠨ᠂ ᠴᠤᠩᠬᠤ ᠨᠤᠭᠤᠳ ᠨᠢ ᠭᠡᠵᠢᠶ᠎ᠡ ᠴᠦ | ᠨᠠᠷᠠ ᠦᠵᠡᠬᠦ ᠦᠭᠡᠢ ᠪᠠᠷ ᠰᠦᠮᠡᠶᠢᠵᠡᠭᠡᠨᠡ᠃ ᠰᠠᠶ᠎ᠠ ᠰᠠᠶ᠎ᠠ ᠬᠦᠮᠦᠰ ᠪᠠᠭᠳᠠᠵᠤ ᠶᠠᠳᠠᠨ ᠴᠢᠬᠢᠯᠳᠦᠭᠦ ᠳᠤ ᠡᠨᠡ ᠪᠤᠭᠤᠷᠤᠯ ᠬᠤᠳᠠ ᠤᠯᠠᠨ ᠵᠠᠭᠤᠨ ᠵᠢᠯ ᠤᠨ | ᠤᠷᠳᠦ ᠳᠤ ᠦᠷᠯᠦᠭᠡ ᠪᠤᠯᠭᠠᠨ ᠳᠤ ᠢᠩᠬᠢᠵᠤ ᠯᠠ ᠤᠭᠳᠤᠭᠠ ᠪᠤᠯᠪᠠ ᠤᠤ ᠭᠡᠮᠡᠷ ᠴᠠᠭᠠᠨ᠎ᠠ ᠪᠠᠨ ᠨᠢᠭᠡ ᠳᠤᠭᠤᠮᠰᠠᠷ ᠦᠭᠡᠶᠢᠭᠡᠨ᠂ ᠪᠠᠰᠠ ᠶᠡᠭᠡᠮᠰᠦᠭᠳᠡᠭᠦᠭᠡᠨ᠃ | ᠠᠳᠡ ᠬᠦᠯ ᠬᠦᠳᠡᠯᠭᠡᠭᠡᠨ ᠳᠠᠰᠤᠷᠠᠨ᠎ᠠ ᠭᠡᠵᠤ ᠦᠭᠡᠢ᠃ ᠡᠭᠦᠷ ᠢᠶᠠᠨ ᠰᠠᠨᠳᠠᠴᠢᠭᠤᠯᠤᠭᠰᠠᠨ ᠰᠢᠷᠭᠤᠯᠵᠢ ᠮᠡᠳᠦ ᠤᠪᠤᠯᠵᠠᠬᠤ ᠨᠢ ᠶᠡᠭᠡ ᠬᠤᠳᠠ ᠶᠢᠨ ᠶᠡᠷᠦᠳᠡ ᠶᠢᠨ | ᠰᠢᠨᠵᠢ᠃ | ᠬᠠᠷᠢᠨ ᠵᠠᠮ ᠤᠨ ᠵᠡᠭᠦᠨ ᠳᠠᠯ᠎ᠠ ᠤᠷᠤᠭᠤ ᠨᠠᠭᠤᠷ ᠤᠨ ᠡᠷᠬᠢ ᠶᠢᠨ ᠪᠤᠯᠤᠩ ᠳᠤᠬᠤᠢ ᠪᠠᠷ ᠵᠤᠷᠢᠭᠤᠳᠠ ᠳᠤᠬᠢᠵᠢᠭᠤᠯᠤᠭᠰᠠᠨ ᠨᠠᠷᠠᠨ ᠰᠢᠷᠠᠯᠭ᠎ᠠ ᠶᠢᠨ | ᠭᠠᠵᠠᠷ ᠤᠳ ᠶᠤᠰᠤᠳᠠᠢ ᠤᠶᠢᠷ᠎ᠠ ᠬᠠᠪᠢ ᠳᠤ ᠬᠤᠳᠠ ᠳᠤᠰᠬᠤᠨ ᠪᠠᠶᠢᠬᠤ ᠦᠭᠡᠢ ᠮᠡᠳᠦ ᠨᠠᠮ ᠭᠦᠮᠭᠡᠨ᠃ ᠭᠡᠬᠦ ᠳᠡᠭᠡᠨ ᠬᠦᠮᠦᠰ ᠮᠡᠷ ᠰᠡᠷᠭᠡᠨ ᠢᠷᠡᠭᠰᠡᠭᠡᠷ ᠳᠦᠳᠡᠭᠡᠨ | ᠳᠦᠭᠦᠷᠭᠦ ᠪᠤᠯᠤᠨ᠎ᠠ ᠭᠡᠳᠡᠭ ᠢ ᠭᠠᠷᠮᠠᠵᠠᠪ ᠠᠨᠳᠠᠬᠤ ᠦᠭᠡᠢ᠃ ᠳᠡᠷᠳᠡᠭᠡ ᠳᠡᠭᠡᠭᠦᠷ ᠴᠠᠬᠤᠯᠠᠢ ᠰᠢᠪᠠᠭᠤ ᠭᠠᠭᠠᠭ ᠭᠠᠭᠠᠭ ᠳᠤᠤᠭᠠᠷᠤᠨ ᠡᠷᠬᠢᠯᠳᠦᠨ᠎ᠡ᠃ ᠪᠤᠳᠤᠪᠠᠯ | ᠬᠤᠭᠤᠯᠠ ᠯᠠ ᠡᠷᠬᠢᠭᠦᠯᠵᠤ ᠶᠠᠪᠤᠭ᠎ᠠ ᠪᠤᠯᠪᠠ ᠤᠤ ᠭᠡᠮᠡᠷ ᠳᠡᠳᠡᠭᠡᠷ ᠰᠢᠪᠠᠭᠤ ᠭᠠᠷᠮᠠᠵᠠᠪ ᠲᠤ ᠳᠠᠨᠢᠯ ᠪᠢᠰᠢ ᠶᠢᠨ ᠠᠳᠠᠯᠢ ᠳᠤᠤᠭᠠᠷᠬᠤ ᠳᠠᠭᠤ ᠨᠢ ᠬᠦᠷᠳᠡᠯ᠎ᠡ | ᠰᠡᠳᠬᠢᠯ ᠠᠴᠠ ᠬᠤᠯᠠ᠂ ᠠᠷᠭ᠎ᠠ ᠦᠭᠡᠢ ᠯᠠ ᠭᠠᠳᠠᠭᠠᠳᠦ ᠰᠢᠪᠠᠭᠤ᠃ | ᠨᠠᠭᠤᠷ ᠤᠨ ᠮᠠᠨᠳᠠᠯ ᠳᠡᠭᠡᠭᠦᠷ ᠨᠢᠳᠦ ᠬᠦᠶᠦᠯᠭᠡᠨ ᠳᠡᠷᠳᠡᠭᠡ ᠠᠯᠤᠰ ᠢ ᠰᠢᠷᠳᠡᠬᠦ ᠦᠶ᠎ᠡ ᠳᠤ ᠨᠢᠳᠦᠨ ᠤ ᠬᠠᠷᠠᠭ᠎ᠠ ᠴᠤᠴᠠᠬᠤ ᠰᠢᠭ᠋ ᠪᠤᠯᠬᠤ ᠳᠤ᠂ ᠠᠳᠡ | ᠢᠷᠡᠵᠤ ᠠᠮᠢᠳᠤᠷᠠᠭᠰᠠᠨ ᠭᠡᠳᠦᠨ ᠵᠢᠯ ᠳᠤ ᠢᠩᠬᠢᠵᠤ ᠠᠯᠤᠰ ᠢ ᠰᠢᠷᠳᠡᠭᠡ ᠦᠭᠡᠢ ᠮᠡᠳᠦ ᠰᠠᠨᠠᠭᠳᠠᠨ᠎ᠠ᠃ ᠬᠤᠳᠠ ᠰᠠᠭᠤᠷᠢᠨ ᠭᠠᠵᠠᠷ ᠤᠨ ᠠᠮᠢᠳᠤᠷᠠᠯ ᠭᠡᠳᠡᠭ ᠠᠷᠭ᠎ᠠ | ᠦᠭᠡᠢ ᠯᠠ ᠪᠤᠭᠤᠨᠢ ᠵᠠᠢ ᠳᠤ ᠬᠤᠷᠳᠤᠨ ᠬᠦᠳᠡᠯᠵᠤ ᠠᠮᠢᠳᠤᠷᠠᠳᠠᠭ ᠰᠤᠨᠢᠨ ᠭᠡᠮᠨᠡᠯ ᠲᠠᠢ ᠶᠤᠮ ᠳ᠋ᠠ᠃ | ᠳᠡᠭᠡᠳᠡᠯ᠎ᠡ ᠨᠠᠭᠤᠷ ᠤᠨ ᠦᠭᠡᠷ᠎ᠡ ᠨᠢᠭᠡ ᠳᠤᠬᠤᠢ ᠳᠤ ᠡᠩᠨᠡᠭᠦᠯᠦᠨ ᠳᠠᠯᠪᠢᠭᠰᠠᠨ ᠵᠠᠪᠢᠨ ᠤ ᠵᠤᠭᠰᠤᠭᠠᠯ ᠠᠴᠠ ᠨᠢᠭᠡ ᠵᠢᠵᠢᠭ ᠴᠠᠭᠠᠨ ᠵᠠᠪᠢ ᠭᠠᠷᠴᠦ᠂ | ᠤᠰᠤᠨ ᠤ ᠮᠠᠨᠳᠠᠯ ᠢᠶᠠᠷ ᠬᠤᠷᠳᠤᠯᠠᠨ ᠳᠠᠪᠬᠢᠯ᠎ᠠ᠃ ᠪᠤᠳᠤᠪᠠᠯ ᠦᠨᠦ ᠦᠷᠯᠦᠭᠡᠨ ᠤ ᠬᠠᠮᠤᠭ ᠤᠨ ᠠᠩᠬᠠᠨ ᠤ ᠵᠠᠪᠢ ᠳᠦᠷᠢᠶᠡᠰᠦᠯᠡᠭᠴᠢ ᠪᠤᠯᠤᠯᠳᠠᠢ᠃ ᠭᠠᠷᠮᠠᠵᠠᠪ | ᠳᠡᠭᠦᠨ ᠢ ᠠᠵᠢᠭᠯᠠᠨ᠂ ᠬᠦᠰᠡᠭᠰᠡᠨ᠂ ᠬᠦᠰᠡᠭᠡ ᠦᠭᠡᠢ ᠬᠠᠷᠠᠴᠠ ᠳᠠᠭᠠᠭᠤᠯᠤᠨ ᠰᠠᠭᠤᠨ᠎ᠠ᠃ ᠴᠠᠭᠠᠨ ᠵᠠᠪᠢ ᠠᠷᠤ ᠠᠴᠠ ᠪᠠᠨ ᠬᠦᠭᠡᠰᠦ ᠰᠠᠬᠠᠷᠠᠭᠤᠯᠤᠨ ᠤᠰᠤᠨ ᠵᠠᠮ | ᠳᠠᠳᠠᠭᠤᠯᠤᠨ ᠭᠤᠷᠳᠢᠭᠯᠠᠨ ᠳᠤᠭᠤᠷᠢᠵᠤ ᠳᠠᠪᠬᠢᠬᠤ ᠨᠢ ᠡᠬᠡ ᠪᠠᠨ ᠳᠤᠭᠤᠷᠢᠨ ᠴᠢᠪᠬᠠᠳᠠᠬᠤ ᠨᠢᠯᠬ᠎ᠠ ᠤᠨᠠᠭ᠎ᠠ ᠮᠡᠳᠦ ᠡᠷᠭᠡ ᠳᠤᠷ᠎ᠠ ᠪᠠᠷ ᠢᠶᠠᠨ᠃ ᠠᠯᠢᠪᠠ ᠶᠠᠭᠤᠮ᠎ᠠ | ᠡᠷᠭᠡ ᠳᠤᠷ᠎ᠠ ᠪᠠᠷ ᠢᠶᠠᠨ ᠪᠠᠶᠢᠬᠤ ᠳᠤᠰᠤᠮ ᠵᠢᠷᠭᠠᠯᠳᠠᠢ ᠬᠠᠷᠠᠭᠳᠠᠬᠤ ᠠᠵᠢ᠃ ᠵᠠᠪᠢ ᠶᠠᠪᠤᠨ ᠶᠠᠪᠤᠭᠰᠠᠭᠠᠷ ᠭᠡᠳᠦᠷᠡᠵᠤ ᠪᠤᠯᠬᠤ ᠦᠭᠡᠢ ᠬᠢᠵᠠᠭᠠᠷ ᠤᠨ ᠳᠡᠮᠳᠡᠭ ᠪᠤᠯᠬᠤ | ᠬᠦᠪᠦᠭᠴᠢ ᠬᠦᠷᠢᠶ᠎ᠡ ᠤᠷᠤᠭᠤ ᠬᠤᠷᠳᠤ ᠪᠠᠨ ᠬᠠᠰᠤᠨ ᠠᠭᠠᠵᠢᠭᠤᠬᠠᠨ ᠳᠦᠭᠦᠭᠰᠡᠨ ᠢᠶᠠᠨ ᠴᠠᠭᠠᠰᠢ ᠪᠠᠨ ᠶᠠᠪᠤᠵᠤ ᠪᠤᠯᠬᠤ ᠦᠭᠡᠢ ᠳᠤ ᠬᠠᠷᠠᠮᠰᠠᠨ ᠶᠡᠭᠡ ᠶᠡᠭᠡ ᠰᠠᠨᠠᠭ᠎ᠠ | ᠠᠯᠳᠠᠬᠤ ᠮᠡᠳᠦ ᠤᠭᠵᠤᠮ ᠬᠠᠭᠠᠵᠠ ᠪᠠᠨ ᠨᠡᠮᠡᠨ ᠪᠤᠴᠠᠨ ᠴᠢᠪᠬᠠᠳᠠᠪᠠ᠃ ᠳᠡᠶᠢᠮᠦ ᠡ᠂ ᠳᠡᠷᠡ ᠵᠠᠪᠢ ᠳᠡᠭᠦᠨ ᠠᠴᠠ ᠴᠠᠭᠠᠰᠢ ᠶᠠᠪᠤᠵᠤ ᠪᠤᠯᠬᠤ ᠦᠭᠡᠢ᠃ ᠶᠠᠭ ᠡᠨᠡ | ᠭᠱᠡᠨ ᠨᠢ ᠭᠠᠷᠮᠠᠵᠠᠪ ᠲᠠᠢ ᠶᠠᠮᠠᠷ ᠨᠢᠭᠡᠨ ᠰᠢᠵᠢᠮ ᠢᠶᠠᠷ ᠳᠦᠰᠳᠡᠢ ᠴᠦ ᠶᠤᠮ ᠰᠢᠭ᠃ | ᠭᠠᠷᠮᠠᠵᠠᠪ ᠴᠦ ᠭᠡᠰᠡᠨ ᠡᠨᠡ ᠨᠠᠭᠤᠷ ᠢ ᠭᠠᠳᠤᠯᠤᠨ ᠳᠡᠷᠳᠡᠭᠡ ᠳᠡᠭᠷᠢ ᠶᠢᠨ ᠬᠠᠶᠠᠭᠠᠨ ᠠᠴᠠ ᠮᠠᠨᠳᠤᠬᠤ ᠨᠠᠷᠠᠨ ᠵᠦᠭ ᠶᠠᠪᠤᠬᠤ ᠬᠦᠰᠡᠯ ᠳᠦᠢᠯ ᠤᠨ ᠶᠡᠭᠡ | ᠪᠤᠢ᠃ ᠭᠡᠪᠡᠴᠦ ᠴᠢᠳᠠᠬᠤ ᠦᠭᠡᠢ ᠯᠠ ᠪᠠᠶᠢᠨ᠎ᠠ᠃ ᠬᠦᠰᠡᠬᠦ ᠦᠭᠡᠢ ᠳᠡᠭᠡᠨ ᠴᠦ ᠪᠢᠰᠢ᠃ ᠬᠦᠰᠡᠭᠦ ᠶᠢᠨ ᠳᠡᠭᠡᠳᠦ ᠪᠠᠷ ᠬᠦᠰᠡᠵᠤ ᠪᠠᠶᠢᠭ᠎ᠠ᠃ ᠬᠠᠷᠢᠨ ᠪᠤᠯᠬᠤ | ᠦᠭᠡᠢ ᠳᠡᠭᠡᠨ ᠪᠠᠶᠢᠨ᠎ᠠ ᠤᠤ᠂ ᠡᠰᠡᠪᠡᠯ ᠪᠤᠯᠤᠮᠵᠢ ᠦᠭᠡᠢ ᠳᠡᠭᠡᠨ ᠪᠠᠶᠢᠨ᠎ᠠ ᠤᠤ︖ ᠴᠤᠬᠤᠮ ᠶᠠᠭᠠᠬᠢᠭᠠᠳ ᠶᠤᠮ ᠪᠤᠯ︖ ᠭᠠᠷᠮᠠᠵᠠᠪ ᠲᠤ ᠳᠡᠷᠳᠡᠭᠡ ᠪᠠᠭ᠎ᠠ ᠶᠢᠨ | ᠶᠠᠪᠤᠳᠠᠯ ᠰᠠᠨᠠᠭᠠᠨ ᠳᠤ ᠪᠠᠭᠤᠨ᠎ᠠ᠃ ᠳᠡᠳᠡᠨ ᠤ ᠡᠪᠦᠭᠡ ᠶᠢ ᠨᠤᠳᠤᠭ ᠤᠰᠤᠨ ᠤ ᠬᠢᠨ ᠨᠢ ᠪᠠᠷᠠᠭᠠᠨ ᠯᠤᠪᠰᠠᠩ ᠭᠡᠨ᠎ᠡ᠃ ︽ᠪᠠᠷᠠᠭᠠᠨ ᠤ ᠬᠢ ᠳᠡᠨᠳᠡ ᠵᠤᠰᠠᠵᠤ ᠪᠠᠶᠢᠭ᠎ᠠ | ᠂ ᠪᠠᠷᠠᠭᠠᠨ ᠤ ᠠᠳᠤᠭᠤ ᠬᠤᠷᠳᠤ ᠰᠠᠶᠢᠳᠠᠢ︾ ᠭᠡᠵᠤ ᠨᠤᠳᠤᠭ ᠤᠨ ᠳᠦᠮᠡᠨ ᠠᠮᠠ ᠳᠠᠮᠵᠢᠨ ᠶᠠᠷᠢᠳᠠᠭ ᠰᠠᠨ᠃ ᠰᠢᠩᠭᠡᠨ ᠰᠢᠷ᠎ᠠ ᠴᠢᠷᠠᠢ ᠲᠠᠢ ᠯᠤᠪᠰᠠᠩ ᠢ ᠶᠠᠭᠠᠬᠢᠭᠠᠳ | ᠪᠠᠷᠠᠭᠠᠨ ᠭᠡᠬᠦ ᠪᠤᠯᠪᠠ ᠭᠡᠬᠦ ᠪᠠᠷ ᠳᠡᠳᠡᠨ ᠤ ᠬᠢ ᠪᠠᠷᠠᠭᠠᠨ ᠭᠤᠤᠯᠳᠠᠭᠤ ᠠᠳᠤᠭᠤ ᠲᠠᠢ᠃ ᠪᠠᠷᠠᠭᠠᠨ ᠪᠠᠷᠠᠭᠠᠨ ᠳᠠᠭᠠᠨ ᠬᠠᠷ᠎ᠠ ᠭᠤᠤᠯᠳᠠᠢ ᠤᠯᠠᠭᠠᠨ ᠭᠡᠭᠡᠷ ᠵᠢᠰᠦᠮ ᠤᠨ | ᠠᠳᠤᠭᠤ ᠵᠤᠩᠬᠢᠯᠠᠨᠠ᠃ ᠳᠡᠭᠡᠭᠡᠳ ᠦᠩᠭᠡ ᠳᠠᠭᠠᠭᠠᠳ ᠬᠠᠷ᠎ᠠ᠂ ᠬᠠᠯᠳᠠᠷ᠂ ᠬᠦᠷᠡᠩ᠂ ᠵᠡᠭᠡᠷᠳᠡ ᠭᠡᠳ ᠦᠷᠭᠦᠯᠵᠢᠯᠡᠨ᠎ᠡ᠃ ᠴᠠᠭᠠᠨ᠂ ᠪᠤᠷᠤ ᠵᠢᠰᠦᠮ ᠤᠨ ᠠᠳᠤᠭᠤ | ᠪᠦᠷ ᠪᠠᠶᠢᠬᠤ ᠦᠭᠡᠢ᠃ ᠬᠠᠷᠢᠨ ᠬᠤᠯᠠ᠂ ᠰᠢᠷᠭ᠎ᠠ ᠵᠢᠰᠦᠮ ᠤᠨ ᠠᠳᠤᠭᠤ ᠭᠠᠭᠴᠠ ᠨᠢᠭᠡ ᠠᠴᠠ ᠭᠡᠳᠦᠷᠡᠬᠦ ᠦᠭᠡᠢ᠃ ᠳᠡᠶᠢᠮᠦ ᠠᠴᠠ ᠪᠠᠷᠠᠭᠠᠨ ᠯᠤᠪᠰᠠᠩ ᠭᠡᠮᠡᠨ | ᠨᠡᠷᠡᠶᠢᠳᠦᠨ᠎ᠡ᠃ | ᠲᠡᠷᠡ ᠵᠢᠯ ᠭᠠᠷᠮᠠᠵᠠᠪ ᠶᠡᠭᠡ ᠳᠤᠵᠢᠯ ᠤᠨ ᠦᠪᠦᠷ ᠬᠦᠨᠳᠡᠢ ᠳᠤ ᠵᠤᠰᠠᠵᠤ ᠪᠠᠶᠢᠭᠰᠠᠨ ᠡᠪᠦᠭᠡ ᠶᠢᠨ ᠳᠡᠭᠡᠨ ᠦᠨᠵᠢᠬᠦ ᠪᠤᠯᠪᠠ᠃ ᠡᠨᠡ ᠬᠦᠨᠳᠡᠢ ᠤᠷᠢᠳᠦ ᠨᠢ | ᠶᠡᠭᠡ ᠨᠠᠮᠤᠭᠠᠷᠬᠠᠭ ᠴᠢᠬᠢᠭᠯᠢᠭ ᠬᠦᠨᠳᠡᠢ ᠪᠠᠶᠢᠭᠰᠠᠨ ᠢᠶᠠᠨ ᠰᠡᠭᠦᠯ ᠤᠨ ᠵᠢᠯ ᠤᠳ ᠲᠤ ᠡᠷᠡᠰ ᠬᠠᠭᠤᠷᠠᠶᠢᠰᠢᠨ᠂ ᠠᠳᠡ ᠳᠡᠨᠳᠡ ᠦᠭᠡᠢ ᠴᠠᠬᠢᠯᠳᠠᠭ ᠠᠷᠵᠠᠶᠢᠵᠤ᠂ | ᠬᠤᠵᠢᠷ ᠴᠠᠶᠢᠷᠠᠭᠰᠠᠨ ᠬᠦᠨᠳᠡᠢ ᠪᠤᠯᠤᠭᠰᠠᠨ ᠪᠠᠶᠢᠪᠠ᠃ ᠵᠤᠨ ᠤ ᠡᠳᠦᠷ ᠤᠨ ᠬᠠᠯᠠᠭᠤᠨ ᠤ ᠡᠷᠴᠢ ᠨᠤᠭᠤᠷᠠᠵᠤ᠂ ᠶᠡᠭᠡ ᠦᠳᠡ ᠶᠢᠨ ᠨᠠᠷᠠ ᠪᠠᠷᠠᠭᠤᠨ᠎ᠠ ᠬᠡᠯᠪᠠᠶᠢᠵᠤ᠂ | ᠭᠠᠷᠮᠠᠵᠠᠪ ᠬᠦᠦ ᠭᠡᠷ ᠤᠨ ᠰᠡᠭᠦᠳᠡᠷ ᠪᠠᠷᠠᠳᠠᠨ ᠭᠡᠭᠦᠦ᠂ ᠰᠠᠭᠠᠮᠠᠨ ᠤ ᠬᠤᠭᠤᠷᠤᠨᠳᠦ ᠨᠦᠢᠷᠮᠤᠭᠯᠠᠨ ᠨᠤᠵᠤᠭᠤᠷᠠᠵᠤ ᠰᠠᠭᠤᠳᠠᠯ᠎ᠠ ᠡᠪᠦᠭᠡ ᠨᠢ ᠦᠨᠳᠦᠰᠦᠨ ᠠᠵᠢᠯ | ᠪᠤᠯᠬᠤ ᠨᠢᠳᠦ᠂ ᠳᠤᠷᠠᠨ ᠢᠶᠠᠨ ᠨᠡᠶᠢᠯᠡᠭᠦᠯᠦᠨ ᠰᠠᠭᠤᠭᠰᠠᠨ ᠢᠶᠠᠨ ᠭᠡᠨᠡᠳᠳᠡᠭᠡᠨ ᠬᠠᠷᠠᠭᠰᠠᠨ ᠵᠦᠢᠯᠡᠰ ᠠᠴᠠ ᠪᠠᠨ ᠰᠤᠴᠢᠭᠰᠠᠨ ᠠᠶᠠᠳᠠᠢ᠄ — ᠬᠦᠶ᠋ᠢ︕ | ᠡᠨᠡ ᠴᠢᠨᠢ᠂ ᠶᠠᠭᠤᠨ ᠭᠠᠭᠴᠠ ᠠᠳᠤᠭᠤ ᠭᠠᠷᠤᠭᠠᠳ ᠢᠷᠡᠳᠡᠭ ᠪᠢᠯᠡ︖ ᠭᠡᠵᠤ ᠠᠮᠠᠨ ᠳᠠᠭᠠᠨ ᠰᠢᠪᠡᠨᠡᠭᠡᠳ᠂ ᠤᠯᠠᠮ ᠯᠠᠪᠰᠢᠷᠠᠭᠤᠯᠤᠨ ᠳᠤᠷᠠᠨᠳᠠᠪᠠ᠃ ᠭᠠᠷᠮᠠᠵᠠᠪ | ᠡᠪᠦᠭᠡ ᠶᠢᠨ ᠢᠶᠠᠨ ᠳᠤᠷᠠᠨᠳᠠᠵᠤ ᠪᠤᠢ ᠵᠦᠭ ᠬᠠᠷᠠᠪᠠᠯ ᠳᠡᠳᠡᠨ ᠤ ᠵᠡᠭᠦᠨᠳᠡᠢ ᠬᠢ ᠦᠵᠦᠭᠦᠷ ᠳᠤᠯᠤᠭᠠᠢ ᠶᠢᠨ ᠢᠷᠤᠭᠠᠯ ᠢᠶᠠᠷ ᠭᠠᠭᠴᠠ ᠪᠤᠷᠤ ᠮᠤᠷᠢ ᠳᠤᠷᠤᠯᠵᠠᠳᠠᠯᠠ | ᠶᠦᠷᠭᠡᠭᠦᠯᠦᠭᠰᠡᠭᠡᠷ ᠭᠠᠷᠴᠤ ᠢᠷᠡᠭᠡᠳ ᠡᠶᠢᠰᠢ ᠳᠡᠶᠢᠰᠢ ᠭᠡᠰᠡᠭ ᠬᠠᠷᠠᠭᠠᠴᠢᠯᠠᠨ ᠵᠤᠭᠰᠤᠭᠰᠠᠨ ᠢᠶᠠᠨ᠂ ᠭᠡᠵᠢᠶ᠎ᠡ ᠶᠠᠵᠢᠶᠠᠨ ᠤ ᠮᠡᠳᠡᠳᠡᠭ ᠶᠤᠮ ᠰᠢᠭ ᠪᠦᠭᠡᠮ ᠴᠠᠬᠢᠯᠳᠠᠭ | ᠳᠤᠮᠳᠠᠭᠤᠷ ᠬᠤᠳᠳᠤᠭ ᠴᠢᠭᠯᠡᠨ ᠱᠤᠭᠰᠢᠪᠠ᠃ ᠳᠡᠭᠡᠳᠡᠯ᠎ᠡ ᠡᠪᠦᠭᠡ ᠨᠢ᠄ — ᠡᠪᠡᠢ᠂ ᠡᠪᠡᠢ ᠬᠠᠳᠠᠵᠤ ᠦᠭᠦᠭᠦ ᠭᠡᠵᠤ ᠶᠠᠪᠤᠭ᠎ᠠ ᠠᠴᠠ ᠵᠠᠶᠢᠯᠠᠬᠤ ᠦᠭᠡᠢ᠃ | ᠭᠠᠷᠮᠠᠵᠠᠪ᠂ ᠬᠦᠦ ᠮᠢᠨᠢ ᠶᠠᠪᠤᠭᠠᠷᠠᠢ᠃ ᠤᠴᠢᠵᠤ ᠰᠠᠮᠰᠠ ᠶᠢ ᠨᠢ ᠳᠡᠪᠳᠦᠭᠡᠭᠡᠷᠡᠢ ᠭᠡᠬᠦ ᠳᠠᠭᠤᠨ ᠢᠶᠠᠷ ᠤᠶᠢᠳᠴᠦ ᠰᠠᠭᠤᠭᠰᠠᠨ ᠭᠠᠷᠮᠠᠵᠠᠪ ᠠᠰᠢᠭᠦᠢ ᠬᠢᠬᠦ | ᠶᠠᠭᠤᠮ᠎ᠠ ᠲᠠᠢ ᠪᠤᠯᠤᠭᠰᠠᠨ ᠳᠠᠭᠠᠨ ᠪᠠᠶᠠᠰᠤᠨ ᠤᠬᠤᠰᠬᠢᠨ ᠤᠶᠠᠭ᠎ᠠ ᠤᠷᠤᠭᠤ ᠬᠦᠶᠦᠬᠦ ᠳᠤ᠂ | — ᠵᠦᠭᠡᠯᠡᠨ ᠤᠴᠢᠭᠠᠷᠠᠢ᠂ ᠴᠢ᠃ ᠠᠶᠤᠵᠤ ᠡᠮᠢᠶᠡᠵᠤ ᠶᠠᠪᠤᠭ᠎ᠠ ᠠᠮᠢᠳᠠᠨ ᠢ ᠦᠷᠭᠦᠭᠡᠴᠢᠭᠡᠬᠦ ᠪᠤᠢ ᠡ︕ ᠭᠡᠵᠤ ᠵᠠᠬᠢᠬᠤ᠂ ᠵᠠᠩᠳᠤᠷᠬᠤ ᠶᠢᠨ | ᠬᠤᠭᠤᠷᠤᠨᠳᠦ ᠭᠡᠯᠡᠪᠡ᠃ | ᠭᠠᠭᠴᠠ ᠮᠤᠷᠢ ᠤᠰᠤᠯᠠᠬᠤ ᠶᠢᠨ ᠳᠦᠯᠦᠭᠡ ᠶᠠᠭᠤᠨ ᠳᠤ ᠢᠩᠬᠢᠵᠤ ᠶᠡᠭᠡ ᠴᠢᠬᠤᠯᠠᠴᠢᠯᠠᠬᠤ ᠶᠢ ᠭᠠᠷᠮᠠᠵᠠᠪ ᠭᠠᠶᠢᠬᠠᠭᠰᠠᠨ ᠭᠡᠳᠦᠢ ᠴᠦ ᠤᠶᠢᠯᠠᠭᠠᠭᠰᠠᠨ | ᠦᠭᠡᠢ᠃ ᠳᠡᠭᠦᠨ ᠢ ᠬᠤᠳᠳᠤᠭ ᠳᠡᠭᠡᠷ᠎ᠡ ᠢᠷᠡᠭ᠊ ᠳᠤ ᠪᠤᠷᠤ ᠮᠤᠷᠢ ᠦᠷᠭᠦᠭᠦ ᠠᠶᠠᠳᠠᠢ ᠵᠢᠭᠠᠬᠠᠨ ᠴᠠᠭᠠᠰᠢᠯᠠᠪᠠᠴᠤ ᠳᠡᠭᠡᠳᠡᠯ᠎ᠡ ᠪᠠᠨ ᠬᠤᠯᠠ ᠱᠤᠭᠰᠢᠭᠠᠳ | ᠶᠠᠪᠤᠴᠢᠬᠠᠭᠰᠠᠨ ᠦᠭᠡᠢ᠃ ᠤᠰᠤᠨ ᠤ ᠦᠨᠦᠷ ᠠᠪᠤᠭᠰᠠᠨ ᠢᠶᠠᠨ ᠮᠡᠳᠡᠭᠳᠡᠬᠦ ᠭᠡᠰᠡᠨ ᠮᠡᠳᠦ ᠡᠷᠬᠢᠨ ᠡᠷᠬᠢᠨ ᠰᠤᠷᠳᠤᠯᠵᠠᠨᠠ᠃ ᠡᠬᠢᠨ ᠤ ᠬᠤᠪᠤᠭᠠ ᠪᠠᠨ ᠳᠠᠳᠠᠨ | ᠶᠡᠭᠦᠯᠡᠬᠦ ᠳᠤ ᠡᠳᠦᠷ ᠤᠨ ᠨᠠᠷᠠᠨ ᠳᠤ ᠬᠠᠳᠠᠵᠤ ᠠᠷᠭᠠᠭᠰᠠᠨ ᠮᠤᠳᠤᠨ ᠤᠩᠭᠤᠴᠠᠨ ᠤ ᠢᠷᠤᠭᠠᠯ ᠢᠶᠠᠷ ᠬᠦᠢᠳᠡᠨ ᠤᠰᠤ ᠬᠠᠷ᠎ᠠ ᠵᠢᠷᠤᠭ᠎ᠠ ᠳᠠᠳᠠᠭᠤᠯᠤᠭᠰᠠᠭᠠᠷ ᠠᠭᠤᠷᠳᠠᠢ | ᠴᠦ ᠶᠤᠮ ᠰᠢᠭ᠋ ᠤᠷᠤᠰᠪᠠ᠃ ᠳᠡᠷᠡᠭᠦᠭᠡᠨ ᠭᠱᠡᠨ ᠳᠤ ᠨᠤᠷᠴᠦ ᠪᠤᠢ ᠤᠩᠭᠤᠴᠠᠨ ᠠᠴᠠ ᠴᠢᠬᠢᠭ ᠤᠨ ᠠᠭᠤᠷᠰᠢᠮᠠᠯ ᠦᠨᠦᠷ ᠬᠠᠩᠬᠤᠯᠤᠨ᠎ᠠ᠃ ᠳᠦᠳᠡᠯ ᠦᠭᠡᠢ | ᠤᠩᠭᠤᠴᠠ ᠳᠦᠭᠦᠷᠡᠩ ᠤᠰᠤ ᠴᠡᠪᠭᠡᠯᠵᠡᠵᠤ᠂ ᠤᠩᠭᠤᠴᠠᠨ ᠤ ᠠᠩᠭᠠᠷᠬᠠᠢ ᠴᠤᠭᠤᠷᠬᠠᠢ ᠪᠠᠷ ᠰᠠᠪᠢᠷᠠᠨ ᠱᠤᠵᠢᠬᠢᠨᠠᠬᠤ ᠨᠢ ᠰᠤᠨᠤᠰᠳᠠᠨ᠎ᠠ᠃ ᠪᠤᠷᠤ ᠭᠡᠳᠦᠢ ᠠᠮᠠ ᠨᠢ | ᠴᠠᠩᠭᠠᠭᠰᠠᠨ ᠭᠡᠳᠦᠢ ᠴᠦ ᠭᠠᠷᠮᠠᠵᠠᠪ ᠠᠴᠠ ᠦᠷᠭᠦᠭᠡᠳ ᠤᠶᠢᠷᠠᠳᠴᠦ ᠴᠢᠳᠠᠬᠤ ᠦᠭᠡᠢ ᠪᠠᠶᠢᠭ᠎ᠠ ᠶᠢ ᠠᠩᠵᠠᠭᠠᠷᠠᠵᠤ᠂ ᠤᠨᠤᠵᠤ ᠢᠷᠡᠭᠰᠡᠨ ᠬᠦᠷᠡᠩ ᠮᠤᠷᠢ ᠪᠠᠨ | ᠠᠮᠠᠭᠠᠶᠢᠪᠴᠢᠯᠠᠨ ᠤᠰᠤᠯᠠᠪᠠ᠃ ᠳᠡᠭᠡᠳᠡᠯ᠎ᠡ ᠪᠤᠷᠤ ᠮᠤᠷᠢ ᠬᠠᠮᠠᠷ ᠢᠶᠠᠨ ᠳᠤᠤᠭᠠᠷᠭᠠᠨ ᠬᠤᠯᠮᠠᠯᠵᠠᠨ ᠬᠤᠯᠮᠠᠯᠵᠠᠭᠰᠠᠭᠠᠷ ᠬᠦᠷᠡᠩ ᠮᠤᠷᠢᠨ ᠤ ᠴᠠᠭᠠᠭᠤᠷ ᠳᠤᠭᠤᠷᠢᠨ | ᠤᠩᠭᠤᠴᠠ ᠲᠠᠢ ᠤᠰᠤᠨ ᠠᠴᠠ ᠰᠢᠮᠡᠯᠡ᠃ ᠪᠤᠷᠤ ᠮᠤᠷᠢᠨ ᠤ ᠰᠤᠭᠤ ᠴᠠᠪᠢ᠂ ᠬᠤᠭᠤᠯᠠᠢ ᠭᠡᠩᠭᠦᠳᠡᠭ ᠤᠨ ᠨᠤᠭᠤᠯᠤᠭ᠎ᠠ᠂ ᠴᠢᠬᠢᠨ ᠤ ᠤᠭ ᠭᠡᠳ ᠨᠢᠮᠭᠡᠨ | ᠠᠷᠠᠰᠤ ᠲᠠᠢ ᠭᠡᠰᠡᠭ ᠬᠦᠯᠦᠷᠡᠭᠰᠡᠨ ᠬᠠᠷᠠᠭᠳᠠᠨ᠎ᠠ᠃ ᠳᠠᠰᠢᠶᠠᠨ ᠳᠤᠯᠤᠭᠠᠢ ᠨᠢ ᠳᠤᠪᠤᠶᠢᠨ᠂ ᠰᠦᠪᠡᠭᠡᠨ ᠤ ᠨᠢ ᠭᠡᠳᠦᠨ ᠬᠠᠪᠢᠷᠭ᠎ᠠ ᠡᠷᠡᠶᠢᠵᠤ᠂ ᠭᠡᠳᠡᠰᠦ ᠨᠡᠯᠢᠶᠡᠳ | ᠳᠠᠳᠠᠭᠰᠠᠨ ᠪᠤᠷᠤ ᠮᠤᠷᠢ ᠬᠦᠬᠡ ᠮᠢᠬ᠎ᠠ ᠪᠠᠨ ᠪᠦᠩᠵᠢᠭᠡᠨᠡᠳᠡᠯᠡ ᠴᠢᠴᠢᠭᠡᠨᠡᠭᠦᠯᠦᠨ᠂ ᠪᠦᠷᠢᠶᠡᠯᠡᠨ ᠰᠠᠷᠳᠠᠯᠵᠠᠬᠤ ᠬᠠᠮᠠᠷ ᠤᠨ ᠢᠶᠠᠨ ᠨᠦᠭᠡ ᠪᠠᠷ ᠤᠰᠤ ᠭᠠᠷᠳᠠᠯ᠎ᠠ | ᠤᠤᠭᠤᠪᠠ᠃ ᠳᠡᠭᠦᠨ ᠤ ᠭᠡᠩᠭᠦᠳᠡᠭ ᠴᠡᠭᠡᠵᠢ᠂ ᠭᠤᠶ᠎ᠠ ᠬᠠ ᠭᠡᠳ ᠠᠳᠡ ᠳᠡᠨᠳᠡ ᠦᠭᠡᠢ ᠰᠢᠪᠠᠷ ᠰᠢᠪᠠᠭ᠋ᠠᠢ ᠨᠠᠭᠠᠯᠳᠤᠨ ᠬᠠᠳᠠᠭᠰᠠᠨ ᠢ ᠬᠠᠷᠠᠬᠤ ᠳᠤ ᠬᠤᠯᠠ ᠭᠠᠵᠠᠷ | ᠳᠤᠭᠤᠰᠢᠳᠠᠢ ᠶᠠᠪᠤᠭᠰᠠᠨ ᠨᠢ ᠢᠯᠡᠳᠳᠡ᠃ ᠭᠠᠷᠮᠠᠵᠠᠪ ᠡᠨᠡ ᠪᠦᠭᠦᠳᠡ ᠶᠢ ᠬᠠᠷᠠᠨ ︽ᠡᠨᠡ ᠶᠠᠭᠠᠬᠢᠴᠢᠬᠠᠭᠰᠠᠨ ᠮᠤᠷᠢ ᠶᠤᠮ ᠪᠤᠯ ᠳ᠋ᠠ︖ ᠮᠠᠨ ᠤ ᠤᠷᠤᠭ᠎ᠠ ᠬᠠᠷ᠎ᠠ | ᠰᠢᠭ᠋ ᠪᠠᠰᠠ ᠤᠷᠭ᠎ᠠ ᠪᠠᠷᠢᠭᠰᠠᠨ ᠬᠦᠮᠦᠨ ᠦᠵᠡᠵᠤ ᠴᠢᠳᠠᠳᠠᠭ ᠦᠭᠡᠢ ᠠᠭᠤᠷ ᠪᠠᠷᠠᠭᠰᠠᠨ ᠠᠳᠤᠭᠤ ᠶᠤᠮ ᠪᠤᠯᠪᠠ ᠤᠤ︾ ᠭᠡᠵᠤ ᠪᠤᠳᠤᠵᠤ ᠰᠠᠭᠤᠳᠠᠯ᠎ᠠ ᠠᠷᠤ ᠳᠤᠨᠢ | ᠭᠡᠨᠡᠳᠳᠡ ᠡᠪᠦᠭᠡ ᠶᠢᠨ ᠬᠢᠨᠢ ᠳᠠᠭᠤ ᠭᠠᠷᠴᠤ᠄ | — ᠡᠪᠡᠢ᠂ ᠡᠪᠡᠢ ᠭᠡᠬᠦ ᠳᠤ ᠬᠦᠦ ᠮᠤᠷᠢ ᠬᠤᠶᠠᠷ ᠪᠤᠨᠳᠤᠭᠤᠰ ᠬᠢᠳᠡᠯ᠎ᠡ ᠰᠤᠴᠢᠪᠠ᠃ ᠡᠪᠦᠭᠡ ᠨᠢ ᠠᠩᠵᠠᠭᠠᠷᠠᠭᠰᠠᠨ ᠰᠢᠨᠵᠢ ᠦᠭᠡᠢ᠄ | — ᠬᠠᠮᠢᠭ᠎ᠠ ᠠᠴᠠ ᠬᠦᠶᠦᠵᠤ ᠶᠠᠪᠤᠭ᠎ᠠ ᠶᠤᠮ ᠪᠤᠯ ᠳ᠋ᠠ︖ ᠬᠠᠷᠠᠬᠤ ᠳᠤ ᠵᠠᠯᠠᠭᠤ ᠯᠠ ᠠᠳᠤᠭᠤ ᠬᠠᠷᠠᠭᠳᠠᠬᠤ ᠶᠤᠮ᠃ ᠰᠢᠨᠳᠠᠰᠤ ᠲᠠᠢ ᠯᠠ ᠠᠷᠭᠤᠮᠠᠭ | ᠶᠤᠮ ᠳ᠋ᠠ᠃ ᠮᠢᠨᠤ ᠬᠦᠦ ᠱᠠᠪᠠᠢ ᠶᠢ ᠨᠢ ᠬᠠᠨᠤᠳᠠᠯ᠎ᠠ ᠤᠰᠤᠯᠠᠭᠠᠷᠠᠢ᠃ ᠤᠭᠵᠤᠮ ᠦᠷᠭᠦᠭᠡᠵᠤ ᠠᠶᠤᠯᠭᠠᠵᠤ ᠪᠤᠯᠬᠤ ᠦᠭᠡᠢ ᠰᠢᠦ᠃ ᠳᠡᠭᠡᠪᠡᠯ ᠬᠦᠮᠦᠨ ᠪᠠᠷᠠᠳᠠᠵᠤ | ᠤᠮᠳᠠ ᠵᠠᠯᠭᠠᠬᠤ ᠪᠠᠨ ᠪᠤᠯᠢᠴᠢᠬᠠᠨᠠ᠃ ᠬᠦᠭᠡᠷᠦᠭᠦᠢ ᠮᠢᠨᠢ᠂ ᠬᠠᠮᠢᠭ᠎ᠠ ᠬᠦᠷᠳᠡᠯ᠎ᠡ ᠴᠦ ᠶᠠᠪᠤᠬᠤ ᠭᠡᠵᠤ ᠪᠠᠶᠢᠭ᠎ᠠ ᠶᠤᠮ ᠪᠢᠯᠡ ᠭᠡᠵᠤ ᠶᠡᠬᠡᠳᠡ ᠬᠠᠶᠢᠷᠠᠯᠠᠭᠰᠠᠨ | ᠦᠩᠭᠡ ᠪᠠᠷ ᠭᠡᠯᠡᠬᠦ ᠳᠤ᠂ | — ᠡᠪᠦᠭᠡ ᠡ᠂ ᠡᠨᠡ ᠶᠠᠭᠠᠬᠢᠭᠰᠠᠨ ᠮᠤᠷᠢ ᠶᠤᠮ ᠪᠤᠢ︖ ᠮᠠᠨ ᠤ ᠬᠠᠷ᠎ᠠ ᠮᠤᠷᠢ ᠰᠢᠭ᠋ ᠤᠷᠤᠭ᠎ᠠ ᠶᠤᠮ ᠪᠤᠯᠪᠠ ᠤᠤ︖ | — ᠦᠭᠡᠢ ᠳ᠋ᠠ᠂ ᠬᠦᠦ ᠮᠢᠨᠢ᠃ ᠡᠨᠡ ᠬᠦᠶᠦᠵᠤ ᠶᠠᠪᠤᠭ᠎ᠠ ᠠᠳᠤᠭᠤ ᠪᠠᠶᠢᠨ᠎ᠠ᠃ | — ᠬᠦᠶᠦᠨ᠎ᠡ ᠭᠡᠵᠤ ᠶᠠᠭᠠᠬᠢᠳᠠᠭ ᠶᠤᠮ︖ | — ᠬᠦᠶᠦᠨ᠎ᠡ ᠭᠡᠵᠤ ᠤᠤ︖ ᠬᠠᠮᠢᠭ᠎ᠠ ᠨᠢᠭᠡ ᠬᠠᠷᠢ ᠶᠢᠨ ᠨᠤᠳᠤᠭ ᠲᠤ ᠤᠴᠢᠭᠠᠳ᠂ ᠳᠡᠨᠳᠡ ᠪᠠᠨ ᠢᠳᠡᠭᠡᠰᠢᠵᠤ ᠳᠠᠰᠬᠤ ᠦᠭᠡᠢ᠂ ᠳᠦᠷᠦᠵᠤ | ᠦᠰᠦᠭᠰᠡᠨ ᠨᠤᠳᠤᠭ ᠦᠭᠡᠳᠡ ᠪᠠᠨ ᠶᠠᠪᠤᠬᠤ ᠶᠢ ᠭᠡᠯᠡᠳᠡᠭ ᠶᠤᠮ᠃ ᠡᠶᠢᠮᠦ ᠬᠦᠶᠦᠮᠡᠯ ᠠᠳᠤᠭᠤ ᠳᠡᠶᠢᠮᠦ ᠴᠦ ᠤᠯᠠᠨ ᠪᠠᠶᠢᠳᠠᠭ ᠦᠭᠡᠢ ᠶᠤᠮ᠃ ᠰᠠᠶᠢᠨ | ᠠᠳᠤᠭᠤᠨ ᠤ ᠯᠠ ᠰᠢᠨᠵᠢ ᠳ᠋ᠠ᠂ ᠬᠦᠦ ᠮᠢᠨᠢ᠃ | — ᠶᠠᠭᠠᠬᠢᠭᠠᠳ ᠦᠭᠡᠷ᠎ᠡ ᠨᠤᠳᠤᠭ ᠲᠤ ᠤᠴᠢᠬᠤ ᠭᠡᠵᠤ︖ | — ᠶᠠᠭᠠᠬᠢᠬᠤ ᠪᠤᠢ ᠳ᠋ᠠ᠂ ᠬᠦᠦ ᠮᠢᠨᠢ᠃ ᠠᠯᠳᠠᠭᠤᠯ ᠵᠦᠢᠭᠤᠯ ᠶᠠᠭᠤᠮᠠᠨ ᠳᠤ ᠬᠦᠭᠡᠭᠡᠭᠳᠡᠭᠰᠡᠨ ᠪᠠᠶᠢᠵᠤ ᠪᠤᠯᠤᠨ᠎ᠠ᠃ ᠡᠰᠡᠪᠡᠯ ᠠᠷᠠᠯᠵᠢᠶ᠎ᠠ ᠨᠠᠶᠢᠮᠠᠭ᠎ᠠ᠂ | ᠠᠪᠴᠠᠭ᠎ᠠ ᠦᠭᠴᠡᠭᠡᠨ ᠳᠤ ᠴᠦ ᠶᠠᠪᠤᠭᠰᠠᠨ ᠪᠠᠶᠢᠵᠤ ᠪᠤᠯᠤᠨ᠎ᠠ᠃ ᠠᠮᠢᠳᠤᠷᠠᠯ ᠳᠤ ᠶᠡᠷᠦ ᠨᠢ ᠶᠠᠭᠤ ᠡᠰᠡ ᠳᠤᠬᠢᠶᠠᠯᠳᠤᠬᠤ ᠪᠤᠢ᠃ ᠬᠦᠮᠦᠨ ᠴᠦ ᠭᠡᠰᠡᠨ ᠦᠭᠡᠷ᠎ᠡ ᠴᠦ | ᠦᠭᠡᠢ ᠰᠢᠦ ᠳ᠋ᠠ ᠭᠡᠳ ᠪᠠᠷᠠᠭᠤᠨ ᠳᠡᠶᠢᠰᠢ ᠨᠠᠷᠠᠨ ᠳᠤᠤᠭᠤᠷ ᠰᠠᠷᠠᠪᠴᠢᠯᠠᠨ ᠬᠠᠷᠠᠬᠤ ᠵᠠᠭᠤᠷ᠎ᠠ ᠪᠠᠨ᠂ | — ᠵᠠ᠂ ᠬᠦᠦ ᠮᠢᠨᠢ᠂ ᠭᠡᠭᠦᠦ ᠳᠤ ᠭᠠᠷᠬᠤ ᠴᠠᠭ ᠪᠤᠯᠵᠤ ᠪᠠᠶᠢᠭ᠎ᠠ ᠶᠤᠮ ᠰᠢᠭ᠋ ᠪᠠᠶᠢᠨ᠎ᠠ᠂ ᠱᠠᠯᠠᠪᠯᠠᠭᠠᠷᠠᠢ ᠭᠡᠯᠡ᠃ ᠪᠠᠷᠠᠭᠤᠨᠳᠠᠢ ᠠᠴᠠ ᠮᠠᠨ ᠤ ᠠᠳᠤᠭᠤ | ᠭᠡᠭᠦᠨ ᠵᠡᠯ᠎ᠡ ᠤᠷᠤᠭᠤ ᠴᠤᠪᠤᠵᠤ ᠪᠠᠶᠢᠪᠠ᠃ ᠠᠳᠤᠭᠤᠨ ᠤ ᠬᠦᠯ ᠢᠶᠠᠷ ᠡᠪᠡᠰᠦ ᠨᠤᠭᠤᠭᠠᠨ ᠤ ᠳᠤᠭᠤᠰᠤ ᠫᠤᠷᠬᠢᠵᠤ᠂ ᠢᠯᠠᠭ᠎ᠠ ᠰᠢᠮᠠᠭᠤᠯ ᠪᠤᠵᠢᠬᠢᠨᠠᠯᠳᠤᠬᠤ ᠨᠢ | ᠨᠠᠷᠠᠨ ᠤ ᠳᠤᠶᠠᠭᠠᠨ ᠳᠤ ᠳᠤᠭᠤᠰᠤᠷᠠᠨ ᠬᠠᠷᠠᠭᠳᠠᠨ᠎ᠠ᠃ ᠳᠦᠳᠡᠯ ᠦᠭᠡᠢ ᠪᠤᠷᠤ ᠮᠤᠷᠢ ᠬᠠᠨᠤᠪᠠ ᠪᠤᠯᠤᠯᠳᠠᠢ᠂ ᠬᠤᠳᠳᠤᠭ ᠤᠨ ᠬᠠᠵᠠᠭᠤᠬᠠᠨ ᠳᠤ ᠭᠡᠳᠦ ᠰᠠᠶᠢᠨ | ᠬᠦᠷᠪᠡᠭᠡᠵᠤ ᠠᠪᠤᠭᠠᠳ ᠨᠢᠷᠤᠭᠤᠨ ᠳᠠᠭᠠᠨ ᠨᠠᠭᠠᠯᠳᠤᠭᠰᠠᠨ ᠡᠪᠡᠰᠦ ᠨᠤᠭᠤᠭ᠎ᠠ ᠶᠢ ᠤᠨᠠᠭᠠᠬᠤ ᠭᠡᠰᠡᠨ ᠰᠢᠭ ᠳᠤᠯᠤᠭᠠᠢ ᠠᠴᠠ ᠪᠠᠨ ᠠᠪᠤᠭᠤᠯᠤᠭᠠᠳ ᠪᠦᠭᠦᠢ ᠯᠠ | ᠪᠡᠶ᠎ᠡ ᠪᠠᠨ ᠰᠡᠭᠰᠦᠷᠦᠨ ᠰᠢᠯᠭᠡᠭᠡᠪᠡ᠃ ᠳᠡᠭᠡᠭᠰᠡᠨ ᠢᠶᠠᠨ ᠠᠮᠠ ᠪᠠᠨ ᠶᠠᠶᠢᠵᠢᠢᠯᠭᠠᠨ ᠡᠪᠰᠢᠶᠡᠬᠦ ᠡᠶ᠎ᠡ ᠦᠵᠡᠭᠦᠯᠵᠤ᠂ ᠬᠤᠶᠠᠷ ᠭᠤᠷᠪᠠ ᠳᠤᠷᠬᠢᠭᠠᠳ ᠰᠠᠶ᠋ᠢ ᠨᠢᠭᠡ | ᠪᠡᠶ᠎ᠡ ᠨᠢ ᠠᠮᠠᠷᠠᠪᠠ ᠭᠡᠯᠳᠡᠢ ᠪᠤᠯᠤᠭᠠᠳ ᠪᠠᠷᠠᠭᠤᠨ ᠳᠡᠶᠢᠰᠢ ᠠᠯᠬᠤᠯ᠎ᠠ᠃ ᠳᠡᠭᠡᠬᠦ ᠳᠤ ᠡᠪᠦᠭᠡ ᠨᠢ᠄ | — ᠵᠠ ᠲᠡᠷᠡ᠂ ᠡᠨᠡ ᠮᠤᠷᠢ ᠴᠢᠮ᠎ᠠ ᠳᠤ ᠪᠠᠶᠠᠷᠯᠠᠵᠤ ᠪᠠᠶᠢᠨ᠎ᠠ᠃ ᠠᠳᠤᠭᠤ ᠪᠠᠶᠠᠷᠯᠠᠬᠤ ᠪᠠᠷ ᠢᠶᠠᠨ ᠡᠪᠰᠢᠶᠡᠳᠡᠭ ᠶᠤᠮ ᠭᠡᠵᠤ ᠰᠡᠳᠬᠢᠯ ᠨᠢ ᠬᠠᠨᠤᠭᠰᠠᠨ | ᠪᠠᠶᠢᠷᠢ ᠲᠠᠢ ᠭᠡᠯᠡᠯ᠎ᠡ᠃ ᠪᠤᠷᠤ ᠮᠤᠷᠢ ᠠᠯᠬᠤᠯᠠᠵᠤ ᠪᠠᠶᠢᠭᠰᠠᠨ ᠢᠶᠠᠨ ᠱᠤᠭᠰᠢᠵᠤ ᠡᠬᠢᠯᠡᠪᠡ᠃ ᠦᠭᠡᠳᠡ ᠠᠴᠠ ᠨᠢ ᠢᠷᠡᠵᠤ ᠶᠠᠪᠤᠭ᠎ᠠ ᠮᠠᠨ ᠤ ᠠᠳᠤᠭᠤ ᠶᠢ ᠵᠢᠭᠠᠬᠠᠨ | ᠵᠠᠬᠠᠯᠠᠰᠬᠢᠭᠡᠳ ᠶᠡᠷᠦ ᠶᠠᠭᠤᠮᠠᠨ ᠳᠤ ᠰᠠᠳᠠᠭᠠᠷᠠᠬᠤ ᠰᠢᠨᠵᠢ ᠦᠭᠡᠢ ᠨᠠᠷᠠᠨ ᠰᠦᠷᠭᠡᠦ ᠶᠦᠷᠭᠡᠵᠤ ᠤᠳᠪᠠ᠃ | — ᠠᠢ ᠳ᠋ᠠ᠂ ᠮᠥᠨ ᠴᠦ ᠰᠠᠶᠢᠬᠠᠨ ᠠᠮᠢᠳᠠᠨ ᠶᠤᠮ ᠳ᠋ᠠ ᠭᠡᠵᠤ ᠭᠡᠯᠡᠭᠡᠳ ᠡᠪᠦᠭᠡ ᠪᠠᠨ ᠨᠢᠭᠡ ᠶᠡᠭᠡ ᠰᠡᠭᠦᠷᠡᠰᠦ ᠠᠯᠳᠠᠬᠤ ᠳᠤᠨᠢ ᠡᠷᠬᠢᠨ ᠬᠠᠷᠠᠪᠠᠯ | ᠤᠨᠢᠭᠠᠷ ᠬᠤᠶᠠᠷ ᠨᠢᠳᠦᠨ ᠳᠤᠨᠢ ᠨᠢᠯᠪᠤᠰᠤ ᠴᠡᠶᠢᠯᠡᠯᠵᠡᠨ ᠪᠠᠶᠢᠬᠤ ᠶᠢ ᠦᠵᠡᠭᠡᠳ ᠶᠡᠬᠡᠳᠡ ᠭᠠᠶᠢᠬᠠᠵᠤ ᠪᠢᠯᠡ᠃ ᠡᠪᠦᠭᠡ ᠪᠠᠨ ᠤᠬᠢᠯᠠᠵᠤ ᠪᠠᠶᠢᠬᠤ ᠶᠢ ᠳᠡᠷᠡ | ᠡᠮᠦᠨ᠎ᠡ ᠨᠢ ᠬᠠᠷᠠᠵᠤ ᠪᠠᠶᠢᠭ᠎ᠠ ᠦᠭᠡᠢ᠃ ᠭᠠᠷᠮᠠᠵᠠᠪ ᠢ ᠤᠨᠠᠭ᠎ᠠ ᠳᠠᠳᠠᠵᠤ ᠳᠠᠭᠤᠰᠬᠤ ᠳᠤ ᠴᠦ ᠭᠡᠰᠡᠨ ᠡᠪᠦᠭᠡ ᠭᠠᠪ ᠭᠠᠭᠴᠠᠭᠠᠷ ᠢᠶᠠᠨ ᠬᠤᠳᠳᠤᠭ ᠳᠡᠭᠡᠷ᠎ᠡ ᠶᠡᠭᠡ ᠯᠠ | ᠤᠳᠠᠭᠠᠨ ᠰᠠᠭᠤᠭᠰᠠᠨ ᠶᠤᠮ ᠳ᠋ᠠᠭ᠃ ᠶᠠᠭᠠᠬᠢᠭᠠᠳ ᠢ ᠪᠤᠤ ᠮᠡᠳᠡ᠃ | ᠡᠪᠦᠭᠡ ᠮᠢᠨᠢ ︽ᠡᠨᠡ ᠵᠠᠯᠠᠭᠤᠬᠠᠨ ᠠᠳᠤᠭᠤ ᠪᠠᠶᠢᠨ᠎ᠠ︾ ᠭᠡᠰᠡᠨ ᠰᠠᠨᠠᠭᠳᠠᠨ᠎ᠠ᠃ ᠤᠳᠤ ᠪᠤᠳᠤᠬᠤ ᠳᠤ ᠪᠠᠭ᠎ᠠ ᠠᠳᠤᠭᠤ ᠭᠡᠬᠦ ᠳᠤ ᠳᠡᠭᠦᠨ ᠳᠤ ᠶᠠᠭᠠᠬᠢᠭᠰᠠᠨ | ᠴᠦ ᠶᠡᠭᠡ ᠵᠤᠷᠢᠭ ᠵᠢᠷᠦᠭᠡ᠂ ᠨᠤᠳᠤᠭ ᠢᠶᠠᠨ ᠭᠡᠰᠡᠨ ᠳᠡᠮᠡᠦᠯᠦᠯ ᠪᠠᠶᠢᠳᠠᠭ ᠶᠤᠮ᠃ ᠨᠤᠳᠤᠭ ᠲᠤᠨᠢ ᠭᠠᠩ ᠭᠠᠴᠢᠭ᠂ ᠪᠤᠷᠤᠭ᠎ᠠ ᠰᠢᠷᠤᠢ᠂ ᠴᠢᠨ᠋ᠸ᠎ᠠ ᠨᠤᠬᠠᠢ ᠭᠡᠳ ᠶᠠᠭᠤ | ᠴᠦ ᠬᠦᠯᠢᠶᠡᠵᠤ ᠪᠠᠶᠢᠵᠤ ᠪᠤᠯᠤᠨ᠎ᠠ ᠰᠢᠦ ᠳ᠋ᠠ᠃ ᠳᠡᠭᠡᠬᠦ ᠳᠤ ᠶᠠᠮᠠᠷ ᠴᠦ ᠪᠠᠶᠢᠯ᠎ᠠ ᠭᠡᠰᠡᠨ ᠨᠤᠳᠤᠭ ᠤᠰᠤ ᠪᠠᠨ ᠭᠡᠵᠤ ᠳᠡᠮᠡᠦᠯᠦᠭᠰᠡᠨ ᠳᠡᠷᠡ ᠭᠠᠭᠴᠠ ᠠᠮᠢᠨ ᠳᠤ ᠶᠠᠮᠠᠷ | ᠶᠡᠭᠡ ᠤᠳᠬ᠎ᠠ ᠤᠶᠠᠩᠭ᠎ᠠ ᠤᠷᠤᠰᠢᠨ᠎ᠠ ᠪᠤᠢ᠃ ᠡᠪᠦᠭᠡ ᠶᠢᠨ ᠮᠢᠨᠢ ᠤᠬᠢᠯᠠᠵᠤ ᠰᠠᠭᠤᠳᠠᠭ ᠠᠷᠭ᠎ᠠ ᠦᠭᠡᠢ ᠪᠠᠶᠢᠵᠠᠢ᠃ ᠭᠡᠳᠡᠯ᠎ᠡ ᠪᠢ ᠳᠡᠶᠢᠮᠦ ᠴᠦ ᠵᠠᠯᠠᠭᠤ ᠬᠦᠮᠦᠨ | ᠪᠢᠰᠢ ᠰᠢᠦ ᠳ᠋ᠠ᠃ ᠮᠢᠨᠤ ᠨᠠᠰᠤ ᠪᠤᠯ ᠶᠠᠭᠤᠮ᠎ᠠ ᠶᠢ ᠤᠬᠠᠭᠠᠷᠠᠵᠤ᠂ ᠤᠴᠢᠷ ᠢ ᠳᠤᠩᠭᠠᠬᠤ ᠨᠠᠰᠤ᠃ ᠭᠡᠪᠡᠴᠦ ᠪᠢ ᠡᠨᠡ ᠬᠠᠷᠢ ᠤᠷᠤᠨ ᠳᠤ ᠰᠠᠭᠤᠭᠰᠠᠭᠠᠷ ᠯᠠ | ᠪᠠᠶᠢᠬᠤ ᠶᠤᠮ ᠳ᠋ᠠ᠃ | ᠲᠡᠷᠡ ᠤᠯᠠᠨ ᠪᠠᠷᠠᠭᠠᠨ ᠠᠳᠤᠭᠤ ᠶᠢ ᠰᠦᠷᠭᠡᠨ᠂ ᠰᠢᠩᠭᠡᠵᠤ ᠪᠤᠢ ᠨᠠᠷᠠᠨ ᠤ ᠰᠢᠷᠭᠤᠴᠢᠵᠤ ᠳᠤᠰᠤᠭᠰᠠᠨ ᠵᠦᠭᠡᠯᠡᠨ ᠰᠢᠷᠭᠠᠯ ᠳᠤᠶᠠᠭ᠎ᠠ ᠢᠰᠭᠦᠴᠢᠵᠤ | ᠤᠳᠤᠭᠰᠠᠨ ᠭᠠᠭᠴᠠ ᠪᠦᠭᠡᠭᠡᠨ ᠠᠳᠤᠭᠤ ᠭᠠᠷᠮᠠᠵᠠᠪ ᠤᠨ ᠰᠡᠳᠬᠢᠯ ᠤᠨ ᠴᠢᠭᠳᠠᠭᠠᠨ ᠠᠴᠠ ᠴᠢᠩᠭᠠᠭᠠᠭᠰᠠᠭᠠᠷ ᠁ | ᠭᠡᠨᠡᠳᠭᠡᠨ ᠰᠦᠷ ᠰᠠᠷ ᠬᠡᠬᠦ ᠴᠢᠮᠡᠭᠡ ᠭᠠᠷᠴᠦ᠂ ᠨᠢᠳᠦᠨ ᠤ ᠡᠮᠦᠨᠡᠭᠦᠷ ᠤᠷᠤᠭ ᠴᠠᠭᠠᠨ ᠰᠢᠪᠠᠭᠤ ᠳᠡᠭᠦᠨ ᠤ ᠪᠤᠳᠤᠯ ᠢ ᠰᠠᠷᠨᠢᠭᠠᠵᠤ ᠨᠢᠰᠬᠦ ᠨᠢ ᠦᠨᠦᠬᠢ | ᠭᠠᠳᠠᠭᠠᠳᠦ ᠰᠢᠪᠠᠭᠤ ᠁ | ︵ᠲᠤᠰ ᠵᠤᠬᠢᠶᠠᠯ ᠢ ᠰ᠊ · ᠦᠯᠵᠠᠶᠢᠵᠢᠷᠭᠠᠯ ᠺᠢᠷᠢᠯ ᠦᠰᠥᠭ ᠠᠴᠠ ᠪᠠᠭᠤᠯᠭᠠᠪᠡ︶ | |