ᠪᠠᠭ᠎ᠠ ᠨᠠᠰᠤᠨ ᠤ ᠪᠠᠶᠠᠰᠤᠯ
ᠨᠡᠶᠢᠲᠡᠯᠡᠭᠰᠡᠨ ᠴᠠᠭ᠄
2024/12/16
        ᠪᠠᠶᠠᠨ ᠪᠠᠷᠭᠤ ᠶᠢᠨ ᠦᠷᠦᠴᠡᠨ ᠳᠤ        ᠪᠠᠬ᠎ᠠ ᠲᠤᠷ᠎ᠠ ᠪᠠᠷ ᠲᠤᠷᠨᠢᠨ        ᠪᠠᠶᠠᠰᠤᠯ ᠵᠢᠷᠭᠠᠯ ᠢᠶᠠᠷ ᠮᠦᠰᠢᠶᠡᠭᠰᠡᠨ        ᠪᠠᠯᠴᠢᠷ ᠦᠶ᠎ᠠ ᠶᠢᠨ ᠵᠡᠬᠦᠲᠦ ᠨᠠᠨᠳᠢᠨ                 ᠪᠤᠭᠳᠠ ᠠᠭᠤᠯᠠ ᠶᠢᠨ ᠲᠠᠭᠠᠰᠢᠶᠡᠯ ᠳᠤ        ᠪᠤᠷᠬᠠᠨ ᠰᠢᠲᠦᠬᠡᠨ ᠲᠠᠢ ᠪᠤᠶᠢᠵᠢᠨ        ᠪᠤᠲᠤᠯ ᠬᠠᠶᠢᠷ᠎ᠠ ᠪᠠᠷ ᠪᠢᠯᠬᠠᠭᠰᠠᠨ        ᠪᠤᠨᠲᠤᠭᠤᠷ ᠴᠢᠷᠠᠢ ᠶᠢᠨ ᠢᠨᠢᠶᠡᠲᠦ ᠨᠢᠩᠵᠢᠨ        ᠪᠤᠶᠢᠷ ᠬᠦᠯᠦᠨ ᠤ ᠤᠮᠳᠠᠭᠠᠯᠠᠯ ᠳᠤ        ᠪᠤᠶᠠᠨ ᠬᠡᠰᠢᠭ ᠲᠠᠢ ᠦᠷᠨᠢᠨ        ᠪᠤᠲᠠᠩᠲᠦ ᠬᠤᠷᠸ᠎ᠠ ᠳᠤ ᠢᠪᠡᠭᠡᠭᠳᠡᠭᠰᠡᠨ        ᠪᠤᠯᠪᠠᠷᠠᠢ ᠴᠡᠬᠡᠵᠢᠨ ᠤ ᠲᠤᠷᠠᠰᠤᠯ ᠦᠨᠢᠳᠠ        ᠬᠤᠨ ᠤ ᠲᠠᠭᠤᠨ ᠤ ᠦᠯᠦᠬᠡᠢ ᠳᠤ        ᠬᠦᠰᠡᠯ ᠵᠤᠷᠢᠭ ᠲᠠᠢ ᠬᠦᠮᠦᠵᠢᠨ        ᠬᠦᠷ ᠪᠠᠭ᠋ᠠᠲᠤᠯ ᠢᠶᠠᠷ ᠬᠦᠷᠢᠶᠡᠯᠡᠭᠳᠡᠭᠰᠡᠨ        ᠬᠡᠤᠬᠡᠳ ᠨᠠᠰᠤᠨ ᠤ ᠮᠦᠷᠦᠬᠡᠲᠦᠯ ᠡᠬᠦᠷᠢᠳᠡ  
ᠢᠷᠡᠯᠲᠡ᠄ ᠥᠪᠥᠷ ᠮᠣᠩᠭᠤᠯ ᠤᠨ ᠵᠠᠰᠠᠭ ᠤᠨ ᠤᠷᠳᠤᠨ