ᠵᠣᠬᠢᠶᠠᠭᠴᠢ᠄ ᠳᠠᠯᠠᠢ ᠶᠢᠨ ᠤᠶᠤᠨᠪᠢᠯᠢᠭ᠌ | ᠪᠢ᠂ ᠪᠠᠭᠰᠢ ᠲᠠᠨ ᠤ ᠠᠯᠠᠭᠠᠨ ᠳᠡᠭᠡᠷ᠎ᠡ ᠪᠠᠭᠤᠭᠰᠠᠨ ᠰᠢᠪ ᠰᠢᠨᠡᠭᠡᠨ᠂ ᠴᠠᠪ ᠴᠠᠭᠠᠬᠠᠨ ᠴᠠᠰᠤᠨ ᠰᠢᠷᠭᠡᠭ ᠪᠠᠶᠢᠯ᠎ᠠ | ᠪᠢ᠂ ᠪᠠᠭᠰᠢ ᠲᠠᠨ ᠤ ᠬᠠᠶᠢᠷ᠎ᠠ ᠶᠢᠨ ᠳᠡᠭᠡᠷ᠎ᠡ ᠳᠡᠯᠪᠡᠭᠡᠯᠡᠭᠰᠡᠨ ᠬᠠᠪ ᠬᠠᠯᠠᠭᠤᠬᠠᠨ᠂ ᠴᠡᠪ ᠴᠡᠩᠭᠡᠷᠭᠡᠨ ᠢᠷᠭᠤᠢ ᠪᠤᠯᠵᠤ ᠤᠷᠭᠤᠯ᠎ᠠ | ᠪᠢ᠂ ᠪᠠᠭᠰᠢ ᠲᠠᠨ ᠤ ᠡᠷᠳᠡᠮ ᠢᠶᠠᠷ ᠳᠡᠵᠢᠭᠡᠭᠳᠡᠭᠰᠡᠨ ᠡᠩᠨᠡᠰᠢ ᠦᠭᠡᠢ ᠶᠡᠭᠡ ᠤᠶᠤᠨ ᠤ ᠶᠢᠷᠳᠢᠨᠴᠦ ᠪᠤᠯᠵᠤ ᠦᠰᠦᠯ᠎ᠡ ᠪᠢ᠂ ᠪᠠᠭᠰᠢ ᠲᠠᠨ ᠤ | ᠭᠡᠭᠡᠷᠡᠯ ᠠᠴᠠ | ᠰᠠᠴᠤᠷᠠᠭᠰᠠᠨ ᠭᠡᠷ ᠳᠦᠭᠦᠷᠡᠩ ᠬᠠᠶᠢᠷ᠎ᠠ ᠪᠤᠯᠵᠤ ᠢᠷᠡᠯ᠎ᠡ | ᠵᠢᠷᠦᠭᠡ ᠬᠠᠶᠢᠷ᠎ᠠ ᠪᠠᠷ ᠪᠢᠯᠬᠠᠬᠤ ᠶᠢᠨ ᠭᠠᠶᠢᠬᠠᠮᠰᠢᠭ ᠢ ᠮᠡᠳᠡᠷᠡᠭᠦᠯᠦᠭᠰᠡᠨ ᠡᠵᠢ ᠪᠠᠭᠰᠢ ᠳᠠᠭᠠᠨ ᠪᠢ ᠬᠠᠶᠢᠷᠠᠳᠠᠢ | ᠵᠦᠭ ᠦᠭᠡᠢ ᠵᠢᠭᠠᠬᠠᠨ ᠳᠠᠷᠢᠬᠢ ᠶᠢ ᠮᠤᠩᠭᠤᠯ ᠪᠤᠯᠭᠠᠨ ᠳᠦᠯᠦᠪᠰᠢᠭᠦᠯᠦᠭᠰᠡᠨ ᠠᠪᠤ ᠪᠠᠭᠰᠢ ᠳᠠᠭᠠᠨ ᠪᠢ ᠬᠠᠶᠢᠷᠠᠳᠠᠢ | ᠦᠪᠡᠷ ᠤᠨ ᠬᠢ ᠪᠠᠷ ᠢᠶᠠᠨ ᠪᠠᠶᠢᠬᠤ ᠡᠷᠭᠡ ᠴᠢᠯᠦᠭᠡ ᠶᠢ ᠤᠯᠭᠤᠭᠰᠠᠨ ᠡᠷᠳᠡᠮᠳᠡᠨ ᠪᠠᠭᠰᠢ ᠨᠠᠷ ᠲᠠᠭᠠᠨ ᠪᠢ ᠬᠠᠶᠢᠷᠠᠳᠠᠢ ᠦᠪᠡᠷ ᠲᠡᠭᠡᠨ ᠬᠠᠶᠢᠷᠠᠳᠠᠢ | ᠪᠠᠶᠢᠬᠤ ᠵᠢᠨᠭᠠᠶᠢᠬᠠᠮᠰᠢᠭ ᠢ ᠪᠡᠯᠡᠭᠯᠡᠭᠰᠡᠨ ᠪᠠᠭᠰᠢ ᠨᠠᠷ ᠲᠠᠭᠠᠨ ᠪᠢ ᠬᠠᠶᠢᠷᠠᠳᠠᠢ | ᠪᠠᠭᠰᠢ ᠨᠠᠷ ᠤᠨ ᠮᠢᠨᠢ ᠵᠢᠷᠦᠭᠡᠨ ᠠᠴᠠ ᠤᠯᠠᠭᠠᠨ ᠭᠡᠷᠡᠯ ᠠᠰᠠᠵᠤ ᠪᠠᠶᠢᠨ᠎ᠠ᠂ ᠬᠠᠶᠢᠷᠠᠯᠠᠭᠳᠤᠨ︕ | ᠪᠠᠭᠰᠢ ᠨᠠᠷ ᠤᠨ ᠮᠢᠨᠢ ᠬᠠᠷᠠᠴᠠᠨ ᠠᠴᠠ ᠴᠠᠭᠠᠨ ᠭᠡᠷᠡᠯ ᠠᠰᠠᠵᠤ ᠪᠠᠶᠢᠨ᠎ᠠ᠂ ᠠᠷᠢᠭᠤᠰᠤᠭᠳᠤᠨ︕ | ᠪᠠᠭᠰᠢ ᠨᠠᠷ ᠤᠨ ᠮᠢᠨᠢ ᠦᠭᠡᠨ ᠠᠴᠠ ᠤᠷᠮ᠎ᠠ ᠵᠢᠭᠦᠷᠯᠡᠨ ᠨᠢᠰᠴᠦ ᠪᠠᠶᠢᠨ᠎ᠠ᠂ ᠬᠦᠢᠴᠡᠭᠳᠦᠨ︕ | ᠪᠢ᠂ ᠪᠠᠭᠰᠢ ᠨᠠᠷ ᠲᠠᠭᠠᠨ ᠰᠠᠶᠢᠨ ᠰᠠᠶᠢᠬᠠᠨ ᠢ ᠪᠡᠯᠡᠭᠯᠡᠬᠦ᠂ ᠦᠨᠢ ᠮᠦᠩᠭᠡ ᠶᠢᠨ ᠰᠡᠳᠬᠢᠯ ᠤᠨ ᠡᠮᠴᠢ | ᠪᠢ᠂ ᠪᠠᠭᠰᠢ ᠨᠠᠷ ᠤᠨ ᠢᠶᠠᠨ ᠦᠯᠮᠡᠢ ᠳᠤ ᠰᠦᠭᠦᠳᠬᠦ᠂ ᠦᠨᠢ ᠮᠦᠩᠭᠡ ᠶᠢᠨ ᠮᠤᠩᠭᠤᠯ ᠤᠬᠠᠭᠠᠨ︕ | |