ᠴᠠᠭᠠᠯᠠᠬᠤ ᠲᠠᠢ ᠬᠤᠯᠪᠣᠭᠳᠠᠭᠰᠠᠨ ᠴᠡᠭᠡᠷ ᠶᠣᠰᠣᠨ
ᠨᠡᠶᠢᠲᠡᠯᠡᠭᠰᠡᠨ ᠴᠠᠭ᠄
2024/12/15
       - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠵᠢᠷᠭᠤᠭᠠᠨ ᠬᠦᠷᠲᠡᠯ᠎ᠡ ᠭᠡᠷ ᠠᠴᠠ ᠪᠠᠨ ᠭᠠᠳᠠᠭᠰᠢ ᠡᠳ᠋  ᠶᠠᠭᠤᠮ᠎ᠠ ᠠᠪᠴᠤ ᠤᠳᠬᠤ‌‍ᠶᠢ ᠴᠡᠭᠡᠷᠯᠡᠨ᠎ᠡ᠃ ᠪᠡᠯᠡᠭ ᠤᠨ ᠵᠦᠢᠯ ᠡᠭᠦᠨ ᠳᠤ ᠦᠯᠦ ᠬᠠᠮᠢᠶᠠᠷᠤᠨ᠎ᠠ᠃       - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠥᠷᠯᠥᠭᠡ ᠭᠠᠯ ᠢᠶᠠᠨ ᠬᠠᠭᠤᠴᠢᠨ ᠴᠤᠭ ᠢᠶᠠᠷ  ᠠᠰᠠᠭᠠᠬᠤ ᠶᠢ ᠴᠡᠭᠡᠷᠯᠡᠨ᠎ᠡ᠃       - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠶᠢᠯ ᠳᠤ ᠬᠤᠨᠣᠬᠤ ᠶᠢ ᠴᠡᠭᠡᠷᠯᠡᠨ᠎ᠡ᠃       - ᠴᠠᠭᠠᠨ ᠰᠠᠷ᠎ᠠ ᠶᠢᠨ ᠰᠢᠨᠡᠳ ᠢᠶᠠᠷ ᠠᠮᠢ ᠬᠤᠷᠣᠭᠠᠬᠤ ᠶᠢ ᠴᠡᠭᠡᠷᠯᠡᠨ᠎ᠡ᠃ ᠠᠮᠢᠲᠠᠨ ᠪᠠᠰᠠ ᠰᠢᠨᠡᠯᠡᠳᠡᠭ  ᠭᠡᠵᠦ ᠦᠵᠡᠳᠡᠭ᠃       - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠤᠬᠢᠯᠠᠵᠤ ᠤᠨᠵᠢᠬᠤ ᠶᠢ ᠴᠡᠭᠡᠷᠯᠡᠨ᠎ᠡ᠃       - ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠭᠠᠳᠠᠭᠰᠢ ᠭᠠᠷᠬᠤ ᠶᠢ ᠴᠡᠭᠡᠷᠯᠡᠨ᠎ᠡ᠃ ᠭᠡᠬᠦ ᠳᠡᠭᠡᠨ  ᠰᠢᠨ᠎ᠡ ᠶᠢᠨ ᠨᠢᠭᠡᠨ ᠳᠤ ᠠᠶᠢᠯ ᠢᠶᠠᠷ ᠶᠠᠪᠤᠵᠤ ᠰᠢᠨᠡᠯᠡᠭᠰᠡᠨ ᠪᠣᠯ ᠬᠠᠮᠢᠶ᠎ᠠ ᠦᠭᠡᠢ᠃       - ᠴᠠᠭᠠᠨ ᠰᠠᠷ᠎ᠠ ᠶᠢᠨ ᠡᠳᠦᠷ ᠤᠳ ᠲᠤ ᠢᠷᠡᠭᠰᠡᠨ ᠵᠣᠴᠢᠳ ᠢ ᠡᠷ᠎ᠡ᠂ ᠡᠮ᠎ᠡ᠂ ᠶᠡᠭᠡ᠂ ᠪᠠᠭ᠎ᠠ᠂  ᠬᠥᠭᠰᠢᠨ᠂ ᠵᠠᠯᠠᠭᠤ ᠭᠡᠯ ᠦᠭᠡᠢ ᠵᠠᠪᠠᠯ ᠪᠡᠯᠡᠭ ᠥᠭᠴᠦ ᠭᠠᠷ ᠢ ᠴᠠᠶᠢᠯᠭᠠᠨ᠎ᠠ᠃ ᠭᠡᠬᠦ ᠳᠡᠭᠡᠨ ᠪᠡᠯᠡᠭ ᠨᠢ ᠦᠨ᠎ᠡ  ᠴᠡᠨᠡᠲᠡᠢ ᠪᠠᠶᠢᠬᠤ ᠠᠯᠪᠠ ᠦᠭᠡᠢ ᠪᠥᠭᠡᠳ ᠶᠣᠰᠣ ᠪᠡᠯᠭᠡ ᠶᠢ ᠪᠤᠳᠤᠭᠰᠠᠨ ᠪᠠᠶᠢᠪᠠᠯ ᠵᠣᠬᠢᠨ᠎ᠠ᠃       - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠪᠡᠯᠭᠡ ᠦᠭᠡᠢ ᠦᠭᠡ ᠬᠡᠯᠡᠬᠦ ᠶᠢ ᠶᠡᠬᠡᠳᠡ ᠴᠡᠭᠡᠷᠯᠡᠨ᠎ᠡ᠃  ᠬᠡᠳᠦᠶᠢᠪᠡᠷ ᠬᠦᠨᠳᠦ ᠡᠪᠡᠳᠴᠢᠲᠡᠢ ᠪᠠᠶᠢᠯ᠎ᠠ ᠴᠤ ᠭᠡᠰᠡᠨ ᠶᠣᠰᠣᠨ ᠤ ᠳᠠᠭᠠᠤ ᠮᠡᠨᠳᠦ ᠤᠰᠤ ᠪᠠᠨ ᠮᠡᠳᠡᠯᠴᠡᠨ᠎ᠡ᠃ ᠡᠨᠡ  ᠨᠢ ︽ᠮᠣᠩᠭᠤᠯ ᠬᠥᠮᠥᠨ ᠠᠮᠠᠨ ᠤ ᠪᠡᠯᠭᠡ ᠪᠠᠷ᠂ ᠠᠮᠠᠨ ᠤ ᠪᠡᠯᠭᠡ ᠬᠠᠮᠢᠭᠠᠰᠢ ᠪᠠᠨ ᠪᠣᠯ ᠠᠰᠢᠳᠠ ᠶᠢᠨ ᠪᠡᠯᠭᠡ  ᠲᠡᠶᠢᠰᠢ ᠪᠠᠨ︾ ᠭᠡᠳᠡᠭ ᠮᠣᠩᠭᠤᠯᠴᠤᠳ ᠤᠨ ᠶᠣᠰᠣ ᠵᠠᠩᠰᠢᠯ ᠤᠨ ᠭᠤᠣᠯ ᠴᠥᠮ᠎ᠡ ᠪᠣᠯᠤᠭᠰᠠᠨ ᠪᠢᠴᠢᠭᠳᠡᠭᠡ ᠦᠭᠡᠢ  ᠬᠠᠤᠯᠢ ᠶᠢ ᠪᠠᠷᠢᠮᠲᠠᠯᠠᠵᠤ ᠪᠠᠶᠢᠭ᠎ᠠ ᠬᠡᠷᠡᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠶᠢᠯ ᠳᠤ ᠢᠷᠡᠭᠰᠡᠨ  ᠵᠣᠴᠢᠨ ᠠᠶᠢᠯ ᠤᠨ ᠪᠤᠳᠠᠭᠠᠨ ᠳᠤ ᠬᠦᠷᠬᠦ ᠳᠡᠭᠡᠨ ᠴᠠᠭᠠᠯᠠᠭ᠎ᠠ᠂ ᠴᠠᠭᠠᠨ ᠢᠳᠡᠭᠡᠨ ᠠᠴᠠ ᠡᠬᠢᠯᠡᠨ ᠠᠮᠰᠠᠵᠤ᠂ ᠶᠠᠪᠤᠬᠤ  ᠳᠠᠭᠠᠨ ᠮᠥᠨ ᠴᠠᠭᠠᠨ ᠢᠳᠡᠭᠡ ᠠᠮᠰᠠᠵᠤ ᠭᠠᠷᠤᠨ᠎ᠠ᠃ ᠡᠨᠡ ᠮᠡᠲᠦ ᠴᠠᠭᠠᠨ ᠰᠠᠷ᠎ᠠ ᠲᠠᠢ ᠬᠤᠯᠪᠣᠭᠠᠲᠠᠢ ᠶᠣᠰᠣ ᠲᠦᠷᠦ  ᠠᠷᠪᠢᠨ ᠪᠥᠭᠡᠳ ᠮᠣᠩᠭᠤᠯ ᠤᠨ ᠤᠯᠠᠨ ᠶᠠᠰᠤᠲᠠᠨ ᠦᠨᠳᠦᠰᠦᠲᠡᠨ᠂ ᠭᠠᠵᠠᠷ ᠣᠷᠣᠨ ᠳᠤ ᠥᠭᠡᠷ᠎ᠡ ᠥᠭᠡᠷ᠎ᠡ ᠪᠠᠶᠢᠬᠤ  ᠴᠤ ᠪᠤᠢ᠃ ᠴᠠᠭᠠᠨ ᠰᠠᠷ᠎ᠠ ᠪᠠᠷ ᠪᠠᠷᠢᠮᠲᠠᠯᠠᠳᠠᠭ ᠨᠡᠶᠢᠲᠡ ᠮᠣᠩᠭᠤᠯᠴᠤᠳ ᠤᠨ ᠲᠦᠭᠡᠮᠡᠯ ᠶᠣᠰᠣ ᠪᠣᠯ ᠲᠡᠷᠡ ᠵᠢᠯ ᠤᠨ  ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠢᠳᠡᠭᠡ ᠤᠮᠳᠠᠨ ᠤ ᠥᠩᠭᠡ ᠠᠮᠲᠠ ᠰᠢᠮᠲᠡ‌ᠡᠴᠠ ᠡᠬᠢᠯᠡᠭᠡᠳ᠂  ᠢᠷᠡᠭᠰᠡᠨ ᠭᠡᠶᠢᠴᠢᠨ ᠵᠣᠴᠢᠨ ᠤ ᠦᠭᠡ ᠶᠠᠷᠢᠶ᠎ᠠ᠂ ᠠᠭᠠᠰᠢ ᠠᠷᠠᠨᠰᠢᠨ ᠬᠦᠷᠲᠡᠯ᠎ᠡ ᠴᠥᠮ ᠰᠠᠶᠢᠨ ᠰᠠᠶᠢᠬᠠᠨ ᠪᠣᠯᠪᠠᠰᠤ  ᠲᠡᠷᠡ ᠨᠢᠭᠡᠨ ᠵᠢᠯ ᠳᠡᠭᠡᠨ ᠭᠡᠷ ᠬᠤᠲᠠᠯᠠᠭᠠᠷ ᠢᠶᠠᠨ ᠠᠮᠤᠷ ᠠᠮᠤᠭᠤᠯᠠᠩ᠂ ᠡᠯᠪᠡᠭ ᠳᠡᠯᠪᠡᠭ ᠪᠠᠶᠢᠨ᠎ᠠ ᠬᠡᠮᠡᠬᠦ ᠪᠡᠯᠭᠡᠳᠡᠯ  ᠶᠤᠮ᠃
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ