ᠪᠢᠲᠡᠭᠦᠯᠡᠬᠦ ᠲᠠᠢ ᠬᠤᠯᠪᠣᠭᠳᠠᠭᠰᠠᠨ ᠴᠡᠭᠡᠷ ᠶᠣᠰᠣᠨ
ᠨᠡᠶᠢᠲᠡᠯᠡᠭᠰᠡᠨ ᠴᠠᠭ᠄
2024/12/15
        ︽ᠬᠠᠭᠤᠴᠢᠨ ᠣᠨ ᠬᠠᠩᠬᠢᠷᠠᠰᠤᠨ ᠣᠳᠴᠤ᠂ ᠰᠢᠨ᠎ᠡ ᠣᠨ ᠰᠢᠯᠵᠢᠷᠡᠨ︾ ᠢᠷᠡᠵᠦ ᠪᠤᠢ ᠵᠢᠯ ᠤᠨ ᠡᠬᠢᠨ  ᠪᠣᠯ ᠴᠠᠭᠠᠨ ᠰᠠᠷ᠎ᠠ ᠲᠤᠯᠠ ᠮᠣᠩᠭᠤᠯᠴᠤᠳ ᠤᠨ ᠲᠤᠬᠠᠢ ᠳᠤ ᠰᠢᠨ᠎ᠡ ᠣᠨ ᠤ ᠪᠠᠶᠠᠷ ᠶᠤᠮ᠃ ᠠᠯᠢᠪᠠ ᠠᠷᠠᠳ  ᠲᠦᠮᠡᠨ ᠰᠢᠨ᠎ᠡ ᠵᠢᠯ᠂ ᠰᠢᠨ᠎ᠡ ᠣᠨ ᠲᠠᠢ ᠪᠠᠨ ᠤᠭᠲᠤᠨ ᠵᠣᠯᠭᠠᠬᠤ ᠪᠠᠶᠠᠷ ᠬᠤᠷᠢᠮ ᠤᠨ ᠥᠪᠡᠷᠮᠢᠴᠡ ᠶᠣᠰᠣ  ᠵᠠᠩᠰᠢᠯ ᠲᠠᠢ ᠪᠠᠶᠢᠳᠠᠭ ᠪᠥᠭᠡᠳ ᠦᠢᠯᠡᠳᠬᠦ ᠵᠠᠩ ᠦᠢᠯᠡ ᠪᠦᠷᠢ ᠨᠢ ᠰᠢᠨ᠎ᠡ ᠣᠨ ᠳᠠᠭᠠᠨ ᠰᠠᠶᠢᠨ ᠰᠠᠶᠢᠬᠠᠨ  ᠪᠠᠶᠢᠬᠤ ᠶᠢ ᠪᠡᠯᠭᠡᠳᠡᠨ ᠵᠥᠩᠨᠡᠭᠰᠡᠨ ᠥᠨᠢ ᠡᠷᠲᠡᠨ ᠤ ᠤᠯᠠᠮᠵᠢᠯᠠᠯᠲᠠᠢ᠂ ᠤᠯᠠᠨ ᠵᠠᠭᠤᠨ ᠤ ᠲᠡᠦᠬᠡ ᠲᠠᠢ᠂ ᠡᠯᠪᠡᠭ  ᠶᠣᠰᠣ ᠲᠦᠷᠦ ᠲᠠᠢ ᠬᠠᠮᠤᠭ ᠤᠨ ᠲᠣᠮᠣ ᠪᠠᠶᠠᠷ ᠶᠤᠮ᠃ ᠮᠣᠩᠭᠤᠯᠴᠤᠳ ᠴᠠᠭᠠᠨ ᠰᠠᠷ᠎ᠠ ᠶᠢ ︽ᠨᠠᠰᠤ ᠨᠡᠮᠡᠭᠰᠡᠨ ᠤ  ᠪᠠᠶᠠᠷ︾ ᠬᠡᠮᠡᠨ ᠶᠡᠬᠡᠳᠡ ᠪᠡᠯᠭᠡᠰᠢᠶᠡᠵᠦ᠂ ᠠᠯᠢᠪᠠ ᠠᠮᠢᠲᠠᠨ ᠤ ᠨᠠᠰᠤ ᠶᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠢᠶᠠᠷ ᠵᠠᠭᠠᠭᠯᠠᠨ ᠪᠤᠳᠤᠳᠠᠭ᠃ ᠲᠤᠬᠠᠶᠢᠯᠠᠪᠠᠯ᠂ ᠡᠪᠦᠯ ᠤᠨ ᠠᠳᠠᠭ ᠰᠠᠷ᠎ᠠ ᠶᠢᠨ ᠪᠢᠲᠡᠭᠦᠨ ᠳᠤ ᠲᠦᠷᠦᠭᠰᠡᠨ ᠬᠡᠦᠬᠡᠳ ᠢ  ᠮᠠᠷᠭᠠᠰᠢ ᠨᠢ ᠬᠤᠶᠠᠷ ᠨᠠᠰᠤ ᠲᠠᠢ ᠬᠡᠮᠡᠳᠡᠭ᠃ ᠴᠠᠭᠠᠨ ᠰᠠᠷ᠎ᠠ ᠭᠠᠷᠤᠮᠠᠭᠴᠠ ᠬᠥᠮᠥᠨ ᠪᠦᠭᠦᠨ ᠨᠢᠭᠡ ᠨᠠᠰᠤ ᠨᠡᠮᠡᠵᠦ᠂  ᠨᠠᠰᠤ ᠨᠡᠮᠡᠭᠰᠡᠨ ᠤ ᠪᠠᠶᠠᠷ ᠢ ᠲᠦᠷᠦᠯ ᠲᠦᠷᠦᠭᠰᠡᠳ ᠵᠤᠨ ᠤᠯᠠᠨ ᠢᠶᠠᠷ ᠢᠶᠠᠨ ᠲᠡᠮᠳᠡᠭᠯᠡᠵᠦ ᠪᠠᠶᠢᠭ᠎ᠠ ᠪᠤᠯᠬᠤ ᠪᠠᠷ ᠨᠢᠭᠡ  ᠶᠣᠰᠣᠨ ᠤ ᠪᠦᠬᠦ ᠬᠥᠮᠥᠨ ᠤ ︽ᠲᠦᠷᠦᠭᠰᠡᠨ ᠡᠳᠦᠷ ᠤᠨ ᠪᠠᠶᠠᠷ︾ ᠪᠣᠯᠵᠤ ᠪᠤᠢ ᠬᠡᠷᠡᠭ ᠶᠤᠮ᠃ ᠪᠠᠰᠠ ︽  ᠬᠦᠢᠲᠡᠨ ᠤ ᠠᠮᠠ ᠴᠠᠰᠢᠯᠠᠵᠤ᠂ ᠬᠥᠬᠦᠦᠷ ᠤᠨ ᠠᠮᠠ ᠨᠠᠰᠢᠯᠠᠵᠤ︾ ᠤᠷᠭᠤᠨ ᠲᠥᠯᠵᠢᠬᠦ ᠶᠢᠨ ᠡᠬᠢᠨ᠂ ᠤᠷᠢᠨ ᠬᠠᠪᠤᠷ  ᠲᠠᠢ ᠵᠣᠯᠭᠠᠵᠤ ᠪᠤᠢ ᠪᠠᠶᠠᠷᠲᠤ ᠮᠥᠴᠡ ᠶᠤᠮ᠃ ᠨᠡᠭᠦᠳᠡᠯᠴᠢᠨ᠂ ᠮᠠᠯᠴᠢᠨ ᠤᠳᠤᠮᠲᠤ ᠮᠣᠩᠭᠤᠯᠴᠤᠳ ᠤᠨ  ᠲᠤᠬᠠᠢ ᠳᠤ ᠡᠪᠦᠯ ᠢ ᠥᠩ ᠲᠠᠢ ᠲᠤᠭᠤᠯᠵᠤ᠂ ᠦᠰᠦᠨ ᠳᠡᠯᠭᠡᠷᠬᠦ ᠬᠠᠪᠤᠷ ᠴᠠᠭ ᠲᠠᠢ ᠵᠣᠯᠭᠠᠬᠤ ᠨᠢ ᠦᠨᠡᠬᠡᠷ ᠶᠡᠭᠡ  ᠪᠠᠶᠠᠷ ᠤᠨ ᠨᠢᠭᠡ ᠪᠢᠯᠡ᠃ ᠡᠶᠢᠨᠬᠦ ᠬᠠᠪᠤᠷ ᠤᠨ ᠪᠠᠶᠠᠷ ᠳᠠᠪᠬᠤᠷᠯᠠᠭᠰᠠᠨ᠂ ᠪᠡᠯᠭᠡ ᠳᠡᠮᠪᠡᠷᠡᠯ᠂ ᠥᠯᠵᠡᠢ ᠤᠴᠠᠷᠠᠯ  ᠪᠦᠷᠢᠳᠦᠭᠰᠡᠨ ᠰᠠᠶᠢᠨ ᠡᠳᠦᠷ ᠢᠶᠠᠨ ᠴᠠᠭᠠᠨ ᠰᠠᠷ᠎ᠠ ᠬᠡᠮᠡᠨ ᠨᠡᠷᠡᠯᠡᠭᠰᠡᠨ ᠨᠢ ᠤᠳᠬ᠎ᠠ ᠤᠴᠢᠷᠲᠠᠢ᠃                      ᠴᠠᠭᠠᠨ ᠥᠩᠭᠡ ᠪᠣᠯ ᠮᠣᠩᠭᠤᠯᠴᠤᠳ ᠤᠨ ᠬᠠᠮᠤᠭ ᠤᠨ ᠡᠷᠬᠢᠮᠯᠡᠨ ᠳᠡᠭᠡᠳᠦᠯᠡᠳᠡᠭ᠂ ᠥᠯᠵᠡᠢ ᠪᠡᠯᠭᠡ ᠲᠠᠢ᠂  ᠪᠠᠶᠠᠷ ᠵᠢᠷᠭᠠᠯ ᠤᠨ ᠥᠩᠭᠡ ᠶᠤᠮ᠃ ᠮᠣᠩᠭᠤᠯ ᠬᠡᠯᠡᠨ ᠤ ᠴᠠᠭᠠᠨ ᠰᠠᠷ᠎ᠠ᠂ ᠴᠠᠭᠠᠨ ᠰᠡᠳᠬᠢᠯ᠂ ᠴᠠᠭᠠᠨ ᠵᠦᠭ᠂  ᠴᠠᠭᠠᠨ ᠦᠢᠯᠡ᠂ ᠴᠠᠭᠠᠨ ᠵᠠᠮ᠂ ᠴᠠᠭᠠᠨ ᠭᠠᠵᠠᠷ᠂ ᠴᠠᠭᠠᠨ ᠪᠤᠶᠠᠨ᠂ ᠴᠠᠭᠠᠨ ᠢᠳᠡᠭᠡ᠂ ᠴᠠᠭᠠᠨ ᠬᠠᠨᠢᠶᠠᠳᠤ ︵  ᠬᠥᠩᠭᠡᠨ ᠬᠠᠨᠢᠶᠠᠳᠤ︶ ᠭᠡᠬᠦ ᠮᠡᠲᠦ ᠦᠭᠡᠰ ᠴᠤ ᠤᠭ ᠦᠩᠭᠡᠨ ᠤ ᠪᠡᠯᠭᠡᠳᠡᠯ ᠢ ᠭᠡᠷᠡᠴᠢᠯᠡᠵᠦ ᠪᠠᠶᠢᠨ᠎ᠠ᠃ ᠠᠶᠢᠯ ᠳᠤ  ᠢᠷᠡᠭᠰᠡᠨ ᠵᠣᠴᠢᠨ ᠭᠡᠶᠢᠴᠢᠨ᠂ ᠢᠳᠡᠭᠡ ᠪᠤᠳᠠᠭ᠎ᠠ ᠡᠯᠪᠡᠭ ᠳᠡᠯᠪᠡᠭ᠂ ᠵᠦᠢᠯ ᠪᠦᠷᠢ ᠪᠠᠷ ᠢᠶᠠᠨ ᠪᠠᠶᠢᠯ᠎ᠠ ᠴᠤ ᠭᠡᠰᠡᠨ᠂  ᠶᠠᠭᠤᠨ ᠤ ᠡᠮᠦᠨ᠎ᠡ ᠴᠠᠭᠠᠨ ᠢᠳᠡᠭᠡᠨ ᠠᠴᠠ ᠠᠮᠠ ᠬᠦᠷᠴᠦ ᠭᠠᠷᠳᠠᠭ ᠵᠠᠩᠰᠢᠯ ᠲᠠᠢ᠃ ᠡᠨᠡ  ᠨᠢ ᠲᠡᠷᠡᠬᠦ ᠵᠣᠴᠢᠨ  ᠭᠡᠶᠢᠴᠢᠨ ᠤ ᠠᠵᠢᠯ ᠶᠠᠪᠤᠳᠠᠯ᠂ ᠦᠢᠯᠡ ᠬᠡᠷᠡᠭ ᠰᠠᠭᠠᠳ ᠳᠠᠳᠬᠠᠷ ᠦᠭᠡᠢ ᠴᠠᠭᠠᠨ ᠮᠥᠷ ᠢᠶᠠᠷ ᠪᠦᠲᠦᠬᠦ ᠪᠣᠯᠲᠤᠭᠠᠢ  ᠬᠡᠮᠡᠭᠰᠡᠨ ᠪᠡᠯᠭᠡᠳᠡᠯ ᠶᠤᠮ᠃        ᠪᠢᠳᠡ ᠪᠦᠬᠦᠨ ᠤ ᠰᠠᠶᠢᠨ ᠮᠡᠳᠡᠬᠦ ᠮᠠᠷᠺᠤ ᠫᠣᠯᠣ ︵13 ᠵᠠᠭᠤᠨ ᠤ ᠦᠶ᠎ᠡ ᠳᠤ ᠮᠣᠩᠭᠤᠯ ᠳᠤ ᠢᠷᠡᠵᠦ ᠤᠯᠠᠨ  ᠵᠢᠯ ᠪᠣᠯᠤᠭᠰᠠᠨ ᠡᠸᠦ᠋ᠷᠦᠫᠡ ᠶᠢᠨ ᠵᠢᠭᠤᠯᠴᠢᠨ︶ ᠶᠢᠨ ᠲᠡᠮᠳᠡᠭᠯᠡᠯ ᠳᠤ᠄                      ︽ᠲᠡᠳᠡᠨ ᠤ ᠣᠨ ᠨᠢ ᠬᠤᠶᠠᠳᠤᠭᠠᠷ ᠰᠠᠷ᠎ᠠ ᠠᠴᠠ ᠡᠬᠢᠯᠡᠨ᠎ᠡ᠃ ᠰᠢᠨ᠎ᠡ ᠵᠢᠯ ᠤᠨ ᠪᠠᠶᠠᠷ ᠢᠶᠠᠷ ᠶᠡᠭᠡ ᠬᠠᠭᠠᠨ  ᠲᠡᠷᠢᠭᠦᠯᠡᠨ ᠪᠦᠬᠦ ᠠᠷᠠᠳ᠂ ᠢᠷᠭᠡᠳ ᠬᠦᠷᠲᠡᠯ᠎ᠡ ᠬᠥᠭᠰᠢᠨ ᠵᠠᠯᠠᠭᠤ᠂ ᠡᠷ᠎ᠡ ᠡᠮ᠎ᠡ ᠢᠯᠭᠠᠯ ᠦᠭᠡᠢ᠂ ᠬᠥᠷᠥᠩᠭᠡ  ᠴᠢᠳᠠᠯ ᠤᠨ ᠬᠢ ᠪᠠᠨ ᠢᠶᠠᠨ ᠬᠢᠷᠢ ᠪᠠᠷ᠂ ᠪᠤᠯᠲᠤ ᠪᠠᠷ ᠴᠠᠭᠠᠨ ᠬᠤᠪᠴᠠᠰᠤ ᠡᠮᠦᠰᠬᠦ ᠵᠠᠩᠰᠢᠯ ᠲᠠᠢ᠃ ᠡᠨᠡ  ᠨᠢ  ᠶᠡᠷᠦ ᠠᠴᠠ ᠴᠠᠭᠠᠨ ᠥᠩᠭᠡ ᠲᠠᠢ ᠬᠤᠪᠴᠠᠰᠤ ᠪᠣᠯ ᠠᠵᠠ ᠵᠢᠷᠭᠠᠯᠲᠠᠢ᠂ ᠥᠯᠵᠡᠢ ᠮᠥᠷᠲᠡᠢ᠂ ᠡᠩᠬᠡ ᠡᠰᠡᠨ  ᠪᠠᠶᠢᠬᠤ ᠶᠢᠨ ᠪᠡᠯᠭᠡ ᠲᠡᠮᠳᠡᠭ ᠪᠣᠯᠣᠨ᠎ᠠ ᠭᠡᠵᠦ ᠦᠵᠡᠳᠡᠭ ᠲᠠᠢ ᠬᠤᠯᠪᠣᠭᠠᠲᠠᠢ᠃ ᠲᠡᠭᠦᠨᠴᠢᠯᠡᠨ ᠳᠡᠭᠡᠳᠦ ᠰᠠᠶᠢᠨ  ᠴᠠᠭᠠᠨ ᠥᠩᠭᠡ ᠶᠢᠨ ᠪᠥᠰ ᠢ ᠶᠡᠭᠡ ᠬᠠᠭᠠᠳ ᠲᠤ ᠪᠡᠯᠡᠭ ᠪᠣᠯᠭᠠᠨ ᠪᠠᠷᠢᠵᠤ ᠢᠵᠠᠭᠤᠷᠲᠠᠨ ᠤᠳ ᠴᠤ᠂ ᠴᠡᠷᠢᠭ ᠤᠨ  ᠲᠦᠰᠢᠮᠡᠳ ᠴᠤ᠂ ᠡᠭᠡᠯ ᠠᠷᠠᠳ ᠴᠤ ᠬᠤᠭᠤᠷᠣ ᠬᠤᠭᠤᠷᠣᠨᠳᠤ ᠪᠠᠨ ᠴᠠᠭᠠᠨ ᠥᠩᠭᠡ ᠲᠠᠢ ᠪᠡᠯᠡᠭ ᠪᠠᠷᠢᠳᠠᠭ ᠶᠤᠮ︾   ᠬᠡᠮᠡᠨ ᠪᠢᠴᠢᠵᠡᠢ᠃ ᠡᠨᠡ ᠮᠡᠲᠦ ᠴᠠᠭᠠᠨ ᠥᠩᠭᠡ ᠶᠢ ᠳᠡᠭᠡᠳᠦᠯᠡᠵᠦ ᠪᠠᠶᠢᠭᠰᠠᠨ ᠪᠠᠷᠢᠮᠲᠠ ᠤᠯᠠᠨ ᠢ ᠥᠭᠦᠯᠡᠵᠦ ᠪᠤᠯᠬᠤ  ᠪᠥᠭᠡᠳ ᠪᠠᠰᠠ ᠨᠢᠭᠡ ᠵᠢᠱᠢᠶ᠎ᠡ ᠲᠠᠲᠠᠬᠤ ᠳᠤ᠂ ᠮᠣᠩᠭᠤᠯ ᠤᠨ ᠨᠢᠭᠤᠴᠠ ᠲᠣᠪᠴᠢᠶᠠᠨ ᠤ 216 ᠳ᠋ᠤᠭᠠᠷ ᠵᠦᠢᠯ ᠳᠤ  ︽ᠪᠠᠰᠠ ᠴᠢᠩᠭᠢᠰ ᠬᠠᠭᠠᠨ᠂ ᠤᠰᠤᠨ ᠡᠪᠦᠭᠡᠨ ᠳᠤ ᠥᠭᠦᠯᠡᠷᠦᠨ᠄ ︽᠁ ᠠᠬᠠᠮᠠᠳ ᠦᠶ᠎ᠡ ᠶᠢᠨ ᠬᠥᠮᠥᠨ ᠢᠶᠠᠨ  ᠪᠠᠬᠢ ︵ᠴᠣᠯᠠ︶ ᠪᠣᠯᠭᠠᠳᠠᠭ ᠵᠠᠩᠰᠢᠯ ᠲᠠᠢ ᠲᠤᠯᠠ ᠪᠠᠭᠠᠷᠢᠨ ᠠᠬ᠎ᠠ ᠶᠢᠨ ᠤᠷᠤᠭ ᠤᠰᠤᠨ ᠡᠪᠦᠭᠡᠨ ᠢ ᠪᠠᠬᠢ  ᠪᠣᠯᠭᠠᠶ᠎ᠠ᠃ ᠪᠠᠬᠢ ᠡᠷᠭᠦᠮᠵᠢᠯᠡᠭᠡᠳ᠂ ᠴᠠᠭᠠᠨ ᠳᠡᠪᠡᠯ ᠡᠮᠦᠰᠴᠦ᠂ ᠴᠠᠭᠠᠨ ᠮᠣᠷᠢ ᠤᠨᠤᠵᠤ᠂ ᠳᠡᠭᠡᠳᠦ ᠰᠠᠭᠤᠷᠢᠨ ᠳᠤ  ᠰᠠᠭᠤᠵᠤ᠂ ᠣᠨ ᠰᠠᠷ᠎ᠠ ᠶᠢ ᠣᠯᠵᠤ ᠰᠣᠩᠭᠤᠵᠤ ᠪᠠᠶᠢᠲᠤᠭᠠᠢ ᠬᠡᠮᠡᠨ ᠵᠠᠷᠯᠢᠭ ᠪᠣᠯᠭᠠᠪᠠ︾ ᠭᠡᠵᠦ ᠭᠠᠷᠳᠠᠭ᠃ ᠡᠨᠡ  ᠪᠦᠬᠦᠨ ᠨᠢ ᠴᠠᠭᠠᠨ ᠥᠩᠭᠡ ᠶᠢ ᠡᠷᠬᠢᠮᠯᠡᠨ ᠳᠡᠭᠡᠳᠦᠯᠡᠬᠦ ᠪᠡᠯᠭᠡᠳᠡᠯ ᠠᠴᠠ ᠡᠭᠦᠳᠴᠡᠢ᠃ ᠴᠠᠭᠠᠨ ᠰᠠᠷ᠎ᠠ ᠶᠢᠨ  ᠪᠠᠶᠠᠷ ᠤᠨ ᠵᠣᠭᠤᠭ ᠤᠨ ᠬᠠᠮᠤᠭ ᠤᠨ ᠬᠦᠨᠳᠦᠲᠡᠢ ᠨᠢ ᠴᠠᠭᠠᠨ ᠢᠳᠡᠭᠡ ᠪᠤᠶᠤ ᠲᠡᠭᠦᠪᠡᠷ ᠦᠢᠯᠡᠳᠦᠭᠰᠡᠨ ᠬᠤᠭᠤᠯᠠ  ᠪᠠᠶᠢᠳᠠᠭ᠃ ᠲᠡᠷᠡᠬᠦ ᠴᠠᠭᠠᠨ ᠢᠳᠡᠭᠡ ᠪᠠᠷ ᠬᠢᠭᠰᠡᠨ ᠢᠳᠡᠭᠡ ᠵᠣᠭᠤᠭ ᠢ ᠴᠠᠭᠠᠯᠠᠭ᠎ᠠ ᠭᠡᠳᠡᠭ᠃ ᠵᠣᠯᠭᠠᠬᠤ ᠪᠠᠷ  ᠢᠷᠡᠭᠰᠡᠨ ᠵᠣᠴᠢᠨ ᠭᠡᠶᠢᠴᠢᠨ ᠶᠠᠭᠤᠨ ᠲᠦᠷᠦᠭᠦᠨ ᠴᠠᠭᠠᠯᠠᠭ᠎ᠠ ᠠᠴᠠ ᠠᠮᠰᠠᠳᠠᠭ ᠶᠣᠰᠣ ᠲᠠᠢ᠃ ᠮᠣᠩᠭᠤᠯᠴᠤᠳ  ᠰᠢᠨ᠎ᠡ ᠵᠢᠯ ᠤᠨ ᠡᠨᠡᠬᠦ ᠶᠡᠭᠡ ᠪᠠᠶᠠᠷ ᠢᠶᠠᠨ ᠶᠣᠰᠣᠯᠠᠨ ᠲᠡᠮᠳᠡᠭᠯᠡᠬᠦ ᠶᠢ ᠴᠠᠭᠠᠯᠠᠬᠤ ᠭᠡᠳᠡᠭ᠃ ᠳᠡᠭᠡᠷ᠎ᠡ ᠥᠭᠦᠯᠡᠭᠰᠡᠨ ᠢ  ᠲᠣᠪᠴᠢᠯᠠᠭᠠᠳ ᠥᠭᠦᠯᠡᠪᠡᠯ᠂ ᠡᠪᠦᠭᠡ ᠳᠡᠭᠡᠳᠦᠰ ᠮᠠᠨᠢ ᠥᠩᠭᠡᠷᠡᠭᠰᠡᠨ ᠣᠨ ᠤ ᠮᠠᠭᠤ ᠮᠠᠭᠤᠬᠠᠢ ᠪᠦᠬᠦᠨ ᠠᠴᠠ  ᠬᠠᠭᠠᠴᠠᠵᠤ᠂ ᠰᠢᠨ᠎ᠡ ᠣᠨ ᠳᠠᠭᠠᠨ ᠪᠦᠬᠦ ᠶᠠᠭᠤᠮ᠎ᠠ ᠴᠠᠭᠠᠨ ᠪᠠᠶᠢᠬᠤ ᠶᠢ ᠪᠡᠯᠭᠡᠳᠡᠨ ᠬᠦᠰᠡᠵᠦ ᠴᠠᠭᠠᠨ ᠰᠠᠷ᠎ᠠ  ᠬᠡᠮᠡᠭᠰᠡᠨ ᠠᠵᠠᠢ᠃                      ᠪᠢᠲᠡᠭᠦᠯᠡᠬᠦ᠂ ᠴᠠᠭᠠᠯᠠᠬᠤ ᠲᠠᠢ ᠬᠤᠯᠪᠣᠭᠳᠠᠭᠰᠠᠨ ᠴᠡᠭᠡᠷ ᠤᠨ ᠶᠣᠰᠣᠨ ᠠᠴᠠ                            - ᠪᠢᠲᠡᠭᠦᠨ ᠤ ᠡᠳᠦᠷ ᠠᠮᠢ ᠬᠤᠷᠣᠭᠠᠬᠤ ᠶᠢ ᠴᠡᠭᠡᠷᠯᠡᠨ᠎ᠡ᠃                           - ᠪᠢᠲᠡᠭᠦᠨ ᠤ ᠡᠳᠦᠷ ᠠᠮᠠᠨ ᠳᠠᠭᠠᠨ ᠶᠠᠭᠤᠮ᠎ᠠ ᠵᠠᠵᠢᠯᠤᠭᠠᠳ ᠭᠠᠳᠠᠭ᠎ᠠ ᠭᠠᠷᠬᠤ ᠶᠢ ᠴᠡᠭᠡᠷᠯᠡᠨ᠎ᠡ᠃                           - ᠪᠢᠲᠡᠭᠦᠨ ᠤ ᠡᠳᠦᠷ ᠡᠮ ᠤᠤᠭᠤᠬᠤ ᠶᠢ ᠴᠡᠭᠡᠷᠯᠡᠨ᠎ᠡ᠃                           - ᠪᠢᠲᠡᠭᠦᠨ ᠤ ᠡᠳᠦᠷ ᠨᠣᠬᠠᠢ ᠵᠣᠳᠣᠬᠤ ᠪᠣᠯᠣᠨ ᠬᠡᠦᠬᠡᠳ ᠢᠶᠠᠨ ᠬᠠᠷᠢᠶᠠᠵᠤ ᠵᠠᠩᠨᠠᠬᠤ ᠶᠢ ᠴᠡᠭᠡᠷᠯᠡᠨ᠎ᠡ᠃                           - ᠪᠢᠲᠡᠭᠦᠨ ᠤ ᠣᠷᠣᠢ ᠮᠠᠯ ᠰᠦᠷᠦᠭ ᠢᠶᠠᠨ ᠠᠯᠳᠠᠵᠤ᠂ ᠬᠥᠳᠡᠭᠡ ᠬᠡᠭᠡᠷ᠎ᠡ ᠬᠤᠨᠣᠭᠤᠯᠬᠤ ᠶᠢ  ᠴᠡᠭᠡᠷᠯᠡᠨ᠎ᠡ᠃ ᠵᠠᠪᠠᠯ ᠬᠢᠴᠢᠶᠡᠵᠦ ᠪᠦᠷᠢᠨ ᠬᠤᠲᠠᠯᠠᠭᠤᠯᠬᠤ ᠶᠢ ᠡᠷᠬᠢᠮᠯᠡᠨ᠎ᠡ᠃                            - ᠪᠢᠲᠡᠭᠦᠨ ᠤ ᠰᠥᠨᠢ ᠠᠶᠢᠯ ᠳᠤ ᠬᠤᠨᠣᠬᠤ ᠶᠢ ᠴᠡᠭᠡᠷᠯᠡᠨ᠎ᠡ᠃                           - ᠪᠢᠲᠡᠭᠦᠨ ᠤ ᠰᠥᠨᠢ ᠶᠡᠭᠡ ᠳᠠᠭᠤ ᠪᠠᠷ ᠬᠠᠰᠬᠢᠷᠴᠤ᠂ ᠪᠠᠷᠬᠢᠷᠬᠤ ᠶᠢ ᠴᠡᠭᠡᠷᠯᠡᠨ᠎ᠡ᠃                           - ᠪᠢᠲᠡᠭᠦᠨ ᠤ ᠰᠥᠨᠢ ᠴᠠᠳᠬᠤᠯᠠᠩ ᠪᠤᠰᠤ ᠬᠤᠨᠣᠬᠤ ᠶᠢ ᠴᠡᠭᠡᠷᠯᠡᠨ᠎ᠡ᠃                           - ᠪᠢᠲᠡᠭᠦᠨ ᠤ ᠰᠥᠨᠢ ᠨᠢᠯᠬ᠎ᠠ ᠬᠡᠦᠬᠡᠳ ᠢ ᠨᠡᠷ᠎ᠡ ᠪᠠᠷ ᠨᠢ ᠳᠠᠭᠤᠳᠠᠬᠤ ᠶᠢ ᠴᠡᠭᠡᠷᠯᠡᠨ᠎ᠡ᠃                           - ᠪᠢᠲᠡᠭᠦᠨ ᠤ ᠰᠥᠨᠢ ᠬᠤᠪᠴᠠᠰᠤ ᠬᠤᠨᠠᠷ ᠢᠶᠠᠨ ᠭᠠᠳᠠᠭ᠎ᠠ ᠬᠤᠨᠣᠭᠤᠯᠬᠤ ᠶᠢ ᠴᠡᠭᠡᠷᠯᠡᠨ᠎ᠡ᠃              - ᠪᠢᠲᠡᠭᠦᠨ ᠤ ᠰᠥᠨᠢ ᠭᠠᠳᠠᠭ᠎ᠠ ᠬᠤᠭᠤᠰᠤᠨ ᠰᠠᠪᠠ ᠪᠠᠶᠢᠬᠤ ᠶᠢ ᠴᠡᠭᠡᠷᠯᠡᠵᠦ᠂ ᠳᠣᠲᠣᠷ᠎ᠠ ᠨᠢ ᠪᠠᠭ᠎ᠠ ᠰᠠᠭ᠎ᠠ ᠶᠠᠭᠤᠮ᠎ᠠ ᠬᠢᠵᠦ ᠲᠠᠯᠪᠢᠬᠤ ᠪᠤᠶᠤ ᠬᠦᠮᠦᠷᠴᠦ ᠲᠠᠯᠪᠢᠨ᠎ᠠ᠃              - ᠪᠢᠲᠡᠭᠦᠨ ᠤ ᠰᠥᠨᠢ ᠭᠠᠵᠠᠷ ᠲᠤ ᠬᠠᠷ᠎ᠠ ᠤᠰᠤ ᠠᠰᠬᠠᠬᠤ ᠶᠢ ᠴᠡᠭᠡᠷᠯᠡᠨ᠎ᠡ᠃              - ᠪᠢᠲᠡᠭᠦᠨ ᠤ ᠰᠥᠨᠢ ᠶᠡᠭᠡ ᠰᠣᠭᠲᠣᠬᠤ ᠶᠢ ᠴᠡᠭᠡᠷᠯᠡᠨ᠎ᠡ᠃              - ᠭᠬᠢᠷ ᠪᠤᠷᠲᠠᠭ ᠲᠠᠢ ᠴᠠᠭᠠᠯᠠᠬᠤ ᠶᠢ ᠴᠡᠭᠡᠷᠯᠡᠨ᠎ᠡ᠃              - ᠰᠢᠨᠡᠯᠡᠬᠦ ᠠᠴᠠ ᠡᠮᠦᠨ᠎ᠡ ᠬᠠᠰᠢᠶ᠎ᠠ ᠬᠤᠷᠤᠭ᠎ᠠ᠂ ᠭᠡᠷ ᠪᠠᠷᠠᠭ᠎ᠠ᠂ ᠣᠷᠣ ᠳᠡᠪᠢᠰᠬᠡᠷ᠂ ᠬᠤᠪᠴᠠᠰᠤ  ᠬᠤᠨᠠᠷ᠂ ᠲᠣᠯᠣᠭᠠᠢ ᠦᠰᠦ ᠭᠡᠵᠢᠭᠡ ᠪᠤᠯᠲᠤ ᠶᠢ ᠤᠬᠢᠶᠠᠵᠤ᠂ ᠢᠷᠡᠵᠦ ᠪᠤᠢ ᠰᠢᠨ᠎ᠡ ᠵᠢᠯ ᠢᠶᠠᠨ ᠴᠡᠪᠡᠷ ᠠᠷᠢᠭᠤᠨ ᠢᠶᠠᠷ  ᠤᠭᠲᠤᠬᠤ ᠶᠢ ᠬᠢᠴᠢᠶᠡᠨ᠎ᠡ᠃              - ᠭᠠᠷ ᠳᠡᠭᠡᠷ᠎ᠡ ᠪᠠᠨ ᠲᠦᠭᠦᠬᠡᠢ ᠭᠤᠷᠢᠯ ᠨᠠᠭᠠᠯᠳᠤᠭᠤᠯᠵᠤ ᠵᠣᠯᠭᠠᠬᠤ ᠶᠢ ᠴᠡᠭᠡᠷᠯᠡᠨ᠎ᠡ᠃              - ᠥᠷᠢ ᠰᠢᠷᠢ ᠲᠠᠢ ᠴᠠᠭᠠᠯᠠᠬᠤ ᠶᠢ ᠴᠡᠭᠡᠷᠯᠡᠨ᠎ᠡ᠃ ︽ᠡᠪᠡᠳᠴᠢᠨ ᠦᠭᠡᠢ ᠪᠣᠯ ᠵᠢᠷᠭᠠᠯ᠂ ᠥᠷᠢ ᠦᠭᠡᠢ  ᠪᠣᠯ ᠪᠠᠶᠠᠨ︾ ᠭᠡᠵᠦ ᠮᠣᠩᠭᠤᠯᠴᠤᠳ ᠶᠠᠷᠢᠳᠠᠭ ᠪᠥᠭᠡᠳ ᠰᠢᠨ᠎ᠡ ᠵᠢᠯ ᠠᠴᠠ ᠡᠮᠦᠨ᠎ᠡ ᠥᠷᠢ ᠰᠢᠷᠢ ᠪᠠᠨ  ᠪᠠᠷᠠᠭᠳᠠᠭᠤᠯᠬᠤ ᠶᠢ ᠡᠷᠬᠢᠮᠯᠡᠳᠡᠭ᠃              - ᠭᠡᠷᠡᠯ ᠭᠡᠭᠡ ᠦᠭᠡᠢ ᠬᠠᠷᠠᠩᠭᠤᠢ ᠳᠤ ᠵᠣᠯᠭᠠᠵᠤ ᠰᠢᠨᠡᠯᠡᠬᠦ ᠶᠢ ᠴᠡᠭᠡᠷᠯᠡᠨ᠎ᠡ᠃              - ᠢᠷᠡᠵᠦ ᠪᠤᠢ ᠰᠢᠨ᠎ᠡ ᠨᠢᠭᠡᠨ ᠵᠢᠯ ᠳᠡᠭᠡᠨ ᠪᠠᠶᠠᠷ ᠪᠠᠶᠠᠰᠬᠤᠯᠠᠩ ᠲᠠᠢ᠂ ᠡᠪ ᠡᠶ᠎ᠡ ᠲᠠᠢ᠂ ᠨᠠᠶᠢᠷ ᠬᠦᠷ  ᠲᠠᠢ᠂ ᠰᠠᠶᠢᠨ ᠰᠠᠶᠢᠬᠠᠨ ᠪᠠᠶᠢᠬᠤ ᠶᠢ ᠪᠡᠯᠭᠡᠳᠡᠳᠡᠭ ᠪᠤᠯᠬᠤ ᠪᠠᠷ ᠴᠠᠭᠠᠨ ᠰᠠᠷ᠎ᠠ ᠶᠢᠨ ᠰᠢᠨᠡᠳ ᠢᠶᠠᠷ ᠬᠡᠷᠡᠭᠦᠯ  ᠱᠤᠤᠭᠢᠶᠠᠨ᠂ ᠵᠣᠳᠣᠭᠠᠨ ᠴᠣᠬᠢᠶᠠᠨ ᠬᠢᠬᠦ ᠶᠢ ᠶᠡᠬᠡᠳᠡ ᠴᠡᠭᠡᠷᠯᠡᠨ᠎ᠡ᠃        
ᠢᠷᠡᠯᠲᠡ᠄ ᠬᠡᠰᠢᠭᠳᠡᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ