ᠮᠣᠩᠭᠤᠯᠴᠤᠳ ᠦᠬᠡᠷ ᠢ ᠭᠠᠷᠰᠢᠭᠤᠯᠤᠨ ᠲᠡᠵᠢᠭᠡᠭᠰᠡᠨ ᠶᠠᠪᠤᠴᠠ ᠳᠤ ᠪᠠᠨ ᠠᠴᠢᠶ᠎ᠠ ᠲᠡᠭᠡᠭᠡᠪᠦᠷᠢ᠂ ᠠᠶᠠᠨ ᠵᠢᠩ ᠳᠤ ᠬᠥᠯᠪᠦᠷᠢ ᠪᠠᠷ ᠬᠡᠷᠡᠭᠯᠡᠬᠦ ᠶᠢᠨ ᠬᠠᠮᠲᠤ᠂ | ᠮᠢᠬ᠎ᠠ᠂ ᠰᠦ ᠪᠠᠷ ᠨᠢ ᠢᠳᠡᠭᠡᠨ ᠤᠮᠳᠠᠭᠠᠨ ᠪᠣᠯᠭᠠᠵᠤ᠂ ᠠᠷᠠᠰᠤ ᠰᠢᠷᠢ᠂ ᠦᠰᠦ ᠤᠩᠭᠠᠰᠤ ᠶᠢ ᠨᠢ ᠡᠳᠦᠷ ᠳᠣᠳᠣᠮ ᠤᠨ ᠬᠡᠷᠡᠭᠯᠡᠭᠡᠨ ᠳᠤ ᠪᠠᠨ ᠠᠰᠢᠭᠯᠠᠭᠰᠠᠭᠠᠷ ᠢᠷᠡᠵᠡᠢ᠃ | ᠦᠬᠡᠷ ᠢ ᠢᠯᠭᠠᠨ ᠨᠡᠷᠡᠯᠡᠬᠦ ᠳᠤ ᠪᠠᠨ ᠭᠤᠣᠯᠳᠠᠭᠤ ᠨᠠᠰᠤ ᠰᠢᠳᠦ᠂ ᠬᠦᠢᠰᠦ ᠴᠢᠨᠠᠷ᠂ ᠥᠩᠭᠡ ᠵᠢᠰᠦᠮ᠂ ᠲᠥᠷᠥᠴᠡ ᠪᠠᠶᠢᠳᠠᠯ᠂ ᠵᠠᠩ ᠠᠷᠠᠨᠰᠢᠨ᠂ ᠬᠥᠯᠦᠰᠢ ᠬᠡᠷᠡᠭᠯᠡᠭᠡᠨ | ᠵᠡᠷᠭᠡ ᠶᠢ ᠦᠨᠳᠦᠰᠦᠯᠡᠬᠦ ᠵᠠᠩᠰᠢᠯ ᠲᠠᠢ᠃ | ᠦᠬᠡᠷ ᠬᠥᠯᠦᠰᠢ ᠬᠡᠷᠡᠭᠯᠡᠭᠡᠨ ᠢᠶᠠᠷ ᠨᠢ ᠢᠯᠭᠠᠨ ᠨᠡᠷᠡᠯᠡᠬᠦ᠄ ᠮᠣᠩᠭᠤᠯᠴᠤᠳ ᠱᠠᠷ ᠢ ᠠᠶᠠᠨ ᠲᠡᠭᠡᠭᠡᠪᠦᠷᠢ᠂ ᠠᠨᠵᠢᠰᠤ ᠵᠢᠳᠬᠦᠭᠦᠷ᠂ ᠡᠪᠡᠰᠦ ᠬᠠᠳᠤᠯᠠᠩ᠂ ᠨᠡᠭᠦᠳᠡᠯ | ᠪᠠᠭᠤᠳᠠᠯ᠂ ᠠᠷᠭᠠᠯ ᠤᠰᠤᠨ ᠳᠤ ᠬᠥᠯᠵᠦ ᠡᠳ᠋ᠯᠡᠳᠡᠭ᠃ ᠡᠶᠢᠮᠦ ᠠᠴᠠ ᠦᠬᠡᠷ ᠢ ᠬᠥᠯᠦᠰᠢ ᠬᠡᠷᠡᠭᠯᠡᠭᠡᠨ ᠢᠶᠠᠷ ᠨᠢ ᠤᠰᠤᠨ ᠤ ᠱᠠᠷ᠂ ᠠᠷᠠᠯ ᠤᠨ ᠱᠠᠷ᠂ ᠠᠮᠪᠠᠨ ᠱᠠᠷ᠂ | ᠭᠠᠷ ᠤᠨ ᠦᠬᠡᠷ᠂ ᠠᠶᠠᠨ ᠤ ᠦᠬᠡᠷ᠂ ᠰᠠᠭᠠᠯᠢ ᠶᠢᠨ ᠦᠨᠢᠶ᠎ᠡ ᠭᠡᠬᠦ ᠵᠡᠷᠭᠡ ᠪᠠᠷ ᠢᠯᠭᠠᠨ ᠨᠡᠷᠡᠯᠡᠳᠡᠭ᠃ ᠠᠷᠭᠠᠯ᠂ ᠤᠰᠤ ᠪᠠᠨ ᠲᠡᠭᠡᠭᠡᠬᠦ ᠳᠤ ᠡᠳᠦᠷ ᠪᠣᠯᠭᠠᠨ ᠬᠥᠯᠳᠡᠭ | ᠦᠬᠡᠷ ᠢᠶᠠᠨ ᠤᠰᠤᠨ ᠤ ᠱᠠᠷ︔ ᠲᠣᠮᠣ ᠪᠡᠶ᠎ᠡ ᠲᠠᠢ ᠡᠷ᠎ᠡ ᠦᠬᠡᠷ ᠢ ᠠᠮᠪᠠᠨ ᠱᠠᠷ ᠭᠡᠳᠡᠭ᠃ ᠠᠶᠠᠨ ᠲᠡᠭᠡᠭᠡᠪᠦᠷᠢ᠂ ᠨᠡᠭᠦᠳᠡᠯ ᠪᠠᠭᠤᠳᠠᠯ ᠳᠤ ᠬᠠᠮᠤᠭ ᠤᠨ ᠡᠮᠦᠨᠡᠬᠢ | ᠲᠡᠷᠭᠡᠨ ᠳᠤ ᠬᠥᠯᠵᠦ ᠭᠠᠷᠰᠢᠭᠤᠯᠤᠭᠰᠠᠨ ᠦᠬᠡᠷ ᠢᠶᠠᠨ ᠭᠠᠷ ᠤᠨ ᠦᠬᠡᠷ︔ ᠠᠶᠠᠨ ᠵᠢᠩ ᠳᠤ ᠬᠥᠯᠬᠦ ᠦᠬᠡᠷ ᠢᠶᠠᠨ ᠠᠶᠠᠨ ᠤ ᠦᠬᠡᠷ︔ ᠰᠠᠭᠠᠵᠤ ᠰᠤᠷᠭᠠᠭᠰᠠᠨ | ᠦᠨᠢᠶ᠎ᠡ ᠪᠠᠨ ᠰᠠᠭᠠᠯᠢ ᠶᠢᠨ ᠦᠨᠢᠶ᠎ᠡ ᠭᠡᠳᠡᠭ᠃ |