ᠮᠣᠩᠭᠤᠯᠴᠤᠳ ᠦᠬᠡᠷ ᠢ ᠭᠠᠷᠰᠢᠭᠤᠯᠤᠨ ᠲᠡᠵᠢᠭᠡᠭᠰᠡᠨ ᠶᠠᠪᠤᠴᠠ ᠳᠤ ᠪᠠᠨ ᠠᠴᠢᠶ᠎ᠠ ᠲᠡᠭᠡᠭᠡᠪᠦᠷᠢ᠂ ᠠᠶᠠᠨ ᠵᠢᠩ ᠳᠤ ᠬᠥᠯᠪᠦᠷᠢ ᠪᠠᠷ ᠬᠡᠷᠡᠭᠯᠡᠬᠦ ᠶᠢᠨ ᠬᠠᠮᠲᠤ᠂ | ᠮᠢᠬ᠎ᠠ᠂ ᠰᠦ ᠪᠠᠷ ᠨᠢ ᠢᠳᠡᠭᠡᠨ ᠤᠮᠳᠠᠭᠠᠨ ᠪᠣᠯᠭᠠᠵᠤ᠂ ᠠᠷᠠᠰᠤ ᠰᠢᠷᠢ᠂ ᠦᠰᠦ ᠤᠩᠭᠠᠰᠤ ᠶᠢ ᠨᠢ ᠡᠳᠦᠷ ᠳᠣᠳᠣᠮ ᠤᠨ ᠬᠡᠷᠡᠭᠯᠡᠭᠡᠨ ᠳᠤ ᠪᠠᠨ ᠠᠰᠢᠭᠯᠠᠭᠰᠠᠭᠠᠷ ᠢᠷᠡᠵᠡᠢ᠃ | ᠦᠬᠡᠷ ᠢ ᠢᠯᠭᠠᠨ ᠨᠡᠷᠡᠯᠡᠬᠦ ᠳᠤ ᠪᠠᠨ ᠭᠤᠣᠯᠳᠠᠭᠤ ᠨᠠᠰᠤ ᠰᠢᠳᠦ᠂ ᠬᠦᠢᠰᠦ ᠴᠢᠨᠠᠷ᠂ ᠥᠩᠭᠡ ᠵᠢᠰᠦᠮ᠂ ᠲᠥᠷᠥᠴᠡ ᠪᠠᠶᠢᠳᠠᠯ᠂ ᠵᠠᠩ ᠠᠷᠠᠨᠰᠢᠨ᠂ ᠬᠥᠯᠦᠰᠢ ᠬᠡᠷᠡᠭᠯᠡᠭᠡᠨ | ᠵᠡᠷᠭᠡ ᠶᠢ ᠦᠨᠳᠦᠰᠦᠯᠡᠬᠦ ᠵᠠᠩᠰᠢᠯ ᠲᠠᠢ᠃ | ᠦᠬᠡᠷ ᠢ ᠥᠩᠭᠡ ᠵᠢᠰᠦᠮ ᠢᠶᠠᠷ ᠨᠢ ᠢᠯᠭᠠᠨ ᠨᠡᠷᠡᠯᠡᠬᠦ᠄ ᠦᠬᠡᠷ ᠤᠨ ᠵᠢᠰᠦ ᠮᠥᠨ ᠡᠯᠳᠡᠪ ᠥᠩᠭᠡ ᠶᠢᠨ ᠪᠠᠶᠢᠳᠠᠭ᠃ ᠦᠰᠦ᠂ ᠰᠣᠷ ᠤᠨ ᠬᠢᠨᠢ ᠪᠠᠶᠢᠳᠠᠯ ᠢᠶᠠᠷ | ᠳᠠᠩ ᠵᠢᠰᠦᠮ ᠤᠨ ᠦᠬᠡᠷ ᠲᠤ᠂ ᠬᠠᠷ᠎ᠠ᠂ ᠬᠦᠷᠡᠩ᠂ ᠬᠥᠬᠡ᠂ ᠴᠠᠭᠠᠨ᠂ ᠶᠠᠭᠠᠨ᠂ ᠬᠤᠸᠠ᠂ ᠬᠠᠯᠢᠭᠤᠨ ᠵᠡᠷᠭᠡ ᠪᠠᠭᠲᠠᠨ᠎ᠠ᠃ ᠳᠠᠪᠬᠤᠷ ᠵᠢᠰᠦᠮ ᠤᠨ ᠦᠬᠡᠷ ᠲᠤ᠂ ᠠᠯᠠᠭ᠂ | ᠲᠠᠷᠯᠠᠨ᠂ ᠬᠠᠯᠵᠠᠨ ᠢᠶᠠᠷ ᠭᠤᠣᠯᠯᠠᠵᠤ᠂ ᠳᠠᠩ ᠵᠢᠰᠦᠮ ᠢᠶᠠᠷ ᠰᠠᠭᠤᠷᠢᠯᠠᠨ ᠪᠤᠰᠤᠳ ᠵᠦᠢᠯ ᠤᠨ ᠥᠩᠭᠡ ᠬᠤᠶᠠᠷ ᠪᠤᠶᠤ ᠬᠤᠶᠠᠷ ᠠᠴᠠ ᠳᠡᠭᠡᠭᠰᠢ ᠬᠤᠯᠢᠯᠳᠤᠭᠰᠠᠨ | ᠪᠠᠶᠢᠳᠠᠭ᠃ ᠡᠶᠢᠮᠦᠷᠬᠦᠦ ᠪᠠᠶᠢᠳᠠᠯ ᠳᠤ᠂ ᠭᠤᠣᠯᠯᠠᠬᠤ ᠥᠩᠭᠡ ᠶᠢ ᠨᠢ ᠬᠤᠯᠢᠯᠳᠤᠭᠰᠠᠨ ᠥᠩᠭᠡ ᠪᠠᠷ ᠨᠢ ᠲᠣᠳᠣᠳᠬᠠᠨ ᠨᠡᠷᠡᠯᠡᠳᠡᠭ ᠪᠣᠯᠬᠤᠷ᠂ ᠳᠠᠪᠬᠤᠷ ᠵᠢᠰᠦᠮ ᠤᠨ | ᠨᠡᠷᠡᠶᠢᠳᠦᠯ ᠲᠤᠩ ᠣᠯᠠᠨ ᠪᠣᠯᠤᠭᠰᠠᠨ ᠪᠠᠶᠢᠨ᠎ᠠ᠃ ᠵᠢᠱᠢᠶᠡᠯᠡᠨ ᠳᠤᠷᠠᠳᠬᠤ ᠳᠤ᠂ ᠬᠦᠷᠡᠩ ᠢᠶᠠᠷ ᠭᠤᠣᠯᠯᠠᠭᠰᠠᠨ ᠳᠠᠪᠬᠤᠷ ᠵᠢᠰᠦᠮ ᠳᠤ ᠬᠠᠷ᠎ᠠ ᠬᠦᠷᠡᠩ᠂ ᠤᠯᠠᠭᠠᠨ | ᠬᠦᠷᠡᠩ᠂ ᠬᠠᠯᠢᠭᠤᠨ ᠬᠦᠷᠡᠩ᠂ ᠬᠥᠮᠥᠰᠬᠡ ᠴᠠᠭᠠᠨ ᠬᠦᠷᠡᠩ᠂ ᠴᠠᠪᠢ ᠴᠠᠭᠠᠨ ᠬᠦᠷᠡᠩ᠂ ᠰᠡᠭᠦᠯ ᠴᠠᠭᠠᠨ ᠬᠦᠷᠡᠩ ᠭᠡᠬᠦ ᠮᠡᠲᠦ︔ ᠤᠯᠠᠭᠠᠨ ᠢᠶᠠᠷ ᠭᠤᠣᠯᠯᠠᠭᠰᠠᠨ ᠳᠠᠪᠬᠤᠷ | ᠵᠢᠰᠦᠮ ᠳᠤ ᠬᠤᠸᠠ ᠤᠯᠠᠭᠠᠨ᠂ ᠬᠦᠷᠡᠩ ᠤᠯᠠᠭᠠᠨ᠂ ᠶᠠᠭᠠᠨ ᠤᠯᠠᠭᠠᠨ᠂ ᠰᠢᠭᠢᠷ᠎ᠡ ᠴᠠᠭᠠᠨ ᠤᠯᠠᠭᠠᠨ᠂ ᠳᠠᠯᠤ ᠴᠠᠭᠠᠨ ᠤᠯᠠᠭᠠᠨ᠂ ᠬᠠᠮᠠᠷ ᠴᠠᠭᠠᠨ ᠤᠯᠠᠭᠠᠨ ᠭᠡᠬᠦ ᠮᠡᠲᠦ᠃ | ᠲᠡᠭᠡᠭᠡᠳ ᠠᠯᠠᠭ ᠪᠤᠶᠤ ᠲᠠᠷᠯᠠᠨ ᠢ ᠮᠥᠨ ᠶᠠᠩᠵᠤ ᠶᠠᠩᠵᠤ ᠪᠠᠷ ᠢᠯᠭᠠᠨ ᠨᠡᠷᠡᠯᠡᠳᠡᠭ᠃ ᠵᠢᠱᠢᠶᠡᠯᠡᠪᠡᠯ᠂ ᠤᠯᠠᠭᠠᠨ ᠠᠯᠠᠭ᠂ ᠬᠠᠷ᠎ᠠ ᠠᠯᠠᠭ᠂ ᠴᠠᠭᠠᠨ ᠠᠯᠠᠭ᠂ ᠬᠥᠬᠡ ᠠᠯᠠᠭ᠂ | ᠪᠥᠭᠡᠷ᠎ᠡ ᠠᠯᠠᠭ᠂ ᠰᠢᠭᠢᠷ᠎ᠡ ᠠᠯᠠᠭ᠂ ᠱᠠᠭᠠᠵᠠᠭᠠᠢ ᠠᠯᠠᠭ᠂ ᠰᠢᠷ᠎ᠠ ᠠᠯᠠᠭ᠂ ᠬᠠᠷ᠎ᠠ ᠲᠠᠷᠯᠠᠨ᠂ ᠤᠯᠠᠭᠠᠨ ᠲᠠᠷᠯᠠᠨ᠂ ᠬᠥᠬᠡ ᠲᠠᠷᠯᠠᠨ᠂ ᠴᠠᠭᠠᠨ ᠲᠠᠷᠯᠠᠨ᠂ ᠶᠠᠭᠠᠨ ᠲᠠᠷᠯᠠᠨ ᠭᠡᠬᠦ | ᠮᠡᠲᠦ᠃ | ᠦᠬᠡᠷ ᠢ ᠵᠢᠰᠦᠮ ᠢᠶᠠᠷ ᠢᠯᠭᠠᠨ ᠨᠡᠷᠡᠯᠡᠬᠦ ᠳᠤ᠂ ᠡᠷ᠎ᠡ ᠬᠦᠢᠰᠦ ᠲᠠᠢ ᠨᠢ ᠬᠠᠷ᠎ᠠ᠂ ᠤᠯᠠᠭᠠᠨ᠂ ᠬᠦᠷᠡᠩ᠂ ᠠᠯᠠᠭ ᠭᠡᠵᠦ᠂ ᠡᠮ᠎ᠡ ᠬᠦᠢᠰᠦ ᠲᠠᠢ ᠳᠤ ᠨᠢ ︽ ᠭᠴᠢ᠂ | ᠭᠴᠢ︾ ᠬᠦᠢᠰᠦᠨ ᠢᠯᠭᠠᠯ ᠤᠨ ᠳᠠᠭᠠᠪᠤᠷᠢ ᠨᠡᠮᠡᠵᠦ ᠨᠡᠷᠡᠯᠡᠬᠦ ᠵᠠᠩᠰᠢᠯ ᠲᠠᠢ᠃ ᠵᠢᠱᠢᠶᠡᠯᠡᠪᠡᠯ᠂ ᠬᠠᠷᠠᠭᠴᠢ ᠦᠨᠢᠶ᠎ᠡ᠂ ᠤᠯᠠᠭᠠᠭᠴᠢ ᠦᠨᠢᠶ᠎ᠡ᠂ ᠠᠯᠠᠭᠴᠢ ᠦᠨᠢᠶ᠎ᠡ ᠭᠡᠳᠡᠭ᠃ | ᠭᠡᠬᠦ ᠳᠡᠭᠡᠨ ᠬᠠᠯᠵᠠᠨ᠂ ᠲᠠᠷᠯᠠᠨ ᠵᠡᠷᠭᠡ ᠵᠢᠰᠦᠮ ᠤᠨ ᠡᠮ᠎ᠡ ᠬᠦᠢᠰᠦ ᠲᠠᠢ ᠦᠬᠡᠷ ᠲᠤ ︽ᠭᠴᠢ᠂ ᠭᠴᠢ︾ ᠳᠠᠭᠠᠪᠤᠷᠢ ᠵᠠᠯᠭᠠᠬᠤ ᠦᠭᠡᠢ ᠪᠠᠷ ᠬᠠᠯᠵᠠᠨ ᠦᠨᠢᠶ᠎ᠡ᠂ ᠤᠯᠠᠭᠠᠨ | ᠲᠠᠷᠯᠠᠨ ᠦᠨᠢᠶ᠎ᠡ᠂ ᠰᠢᠷ᠎ᠠ ᠲᠠᠷᠯᠠᠨ ᠭᠤᠨᠵᠢ ᠭᠡᠬᠦ ᠮᠡᠲᠦ ᠪᠠᠷ ᠨᠡᠷᠡᠯᠡᠳᠡᠭ᠃ |