ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠬᠤᠶᠠᠷ︶
ᠨᠡᠶᠢᠲᠡᠯᠡᠭᠰᠡᠨ ᠴᠠᠭ᠄
2024/12/15
        ᠬᠤᠨᠢᠨ ᠬᠠᠶᠢᠴᠢ - ᠬᠤᠨᠢ ᠨᠣᠣᠰᠣᠯᠠᠬᠤ ᠳᠤ ᠬᠡᠷᠡᠭᠯᠡᠳᠡᠭ ᠪᠠᠭᠠᠵᠢ᠃        ᠬᠤᠨᠢᠨ ᠬᠤᠯᠪᠣᠭᠤᠷ - ᠬᠤᠨᠢ ᠰᠠᠭᠠᠬᠤ ᠳᠤ ᠬᠤᠶᠠᠷ ᠬᠤᠶᠠᠷ ᠢᠶᠠᠷ ᠨᠢ ᠲᠣᠯᠣᠭᠠᠢ ᠶᠢ ᠨᠢ ᠵᠥᠷᠢᠭᠦᠯᠦᠨ ᠬᠡᠯᠬᠢᠶᠡᠯᠡᠬᠦ ᠳᠡᠭᠡᠰᠦ᠃        ᠰᠠᠮ - ᠢᠮᠠᠭᠠᠨ ᠤ ᠨᠣᠣᠯᠣᠭᠤᠷ ᠢ ᠮᠠᠭᠠᠵᠢᠨ ᠰᠠᠮᠨᠠᠵᠤ ᠠᠪᠬᠤ ᠲᠡᠮᠦᠷ ᠬᠡᠷᠡᠭᠰᠡᠯ᠃        ᠱᠦᠭᠦᠷ - ᠦᠯᠡᠳᠡᠭᠰᠡᠨ ᠨᠣᠣᠯᠣᠭᠤᠷ ᠢ ᠱᠦᠭᠦᠷᠳᠡᠨ ᠠᠪᠬᠤ ᠪᠠᠭ᠎ᠠ ᠰᠠᠮ ᠢ ᠵᠢᠭᠠᠵᠤ ᠪᠤᠢ᠃        ᠭᠠᠳᠠᠰᠤ - ᠰᠠᠮᠨᠠᠬᠤ ᠢᠮᠠᠭ᠎ᠠ ᠪᠠᠨ ᠬᠦᠯᠢᠭᠰᠡᠨ ᠤ ᠳᠠᠷᠠᠭ᠎ᠠ ᠭᠠᠵᠠᠷ ᠲᠤ ᠱᠠᠭᠠᠭᠰᠠᠨ ᠲᠡᠮᠦᠷ ᠭᠠᠳᠠᠰᠤᠨ ᠠᠴᠠ ᠤᠶᠠᠵᠤ ᠴᠢᠩᠭᠠᠭᠠᠵᠤ ᠪᠠᠶᠢᠭᠠᠳ ᠰᠠᠮᠨᠠᠳᠠᠭ᠃        ᠰᠤᠷᠯᠠᠬᠤ - ᠢᠮᠠᠭᠠᠨ ᠤ ᠨᠣᠣᠯᠣᠭᠤᠷ ᠢ ᠠᠮᠠᠷᠬᠠᠨ ᠰᠠᠮᠨᠠᠬᠤ ᠶᠢᠨ ᠲᠥᠯᠥᠭᠡ ᠤᠷᠢᠳ ᠢᠶᠠᠷ ᠰᠣᠷ ᠢ ᠨᠢ ᠦᠵᠦᠭᠦᠷ ᠢᠶᠠᠷ ᠨᠢ ᠬᠢᠷᠠᠭᠠᠨ ᠬᠠᠶᠢᠴᠢᠯᠠᠬᠤ ᠶᠢ ᠰᠤᠷᠯᠠᠬᠤ ᠭᠡᠳᠡᠭ᠃        ᠰᠠᠭᠠᠯᠢ ᠶᠢᠨ ᠰᠠᠭᠤᠯᠠᠭ᠎ᠠ - ᠦᠨᠢᠶ᠎ᠡ ᠮᠠᠯ ᠰᠠᠭᠠᠬᠤ ᠳᠤ ᠵᠣᠷᠢᠭᠤᠯᠤᠭᠰᠠᠨ ᠪᠢᠴᠢᠬᠠᠨ ᠮᠣᠳᠣᠨ ᠰᠠᠪᠠ᠃ ᠪᠠᠰᠠ ᠪᠣᠷᠲᠣᠭᠤ ᠭᠡᠳᠡᠭ᠃        ᠪᠦᠰᠡᠯᠡᠭᠦᠷ - ᠰᠠᠭᠤᠯᠠᠭ᠎ᠠ ᠶᠢᠨ ᠮᠣᠳᠣ ᠶᠢ ᠲᠣᠭᠲᠠᠭᠠᠨ ᠪᠠᠬᠢᠯᠡᠭᠰᠡᠨ ᠲᠡᠮᠦᠷ ᠪᠤᠶᠤ ᠭᠠᠤᠯᠢᠨ ᠴᠠᠭᠠᠷᠢᠭ᠃ ᠬᠤᠶᠠᠷ ᠪᠤᠶᠤ ᠭᠤᠷᠪᠠ ᠪᠠᠶᠢᠳᠠᠭ᠃     
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠤᠷᠳᠤᠨ