ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠨᠢᠭᠡ︶
ᠨᠡᠶᠢᠲᠡᠯᠡᠭᠰᠡᠨ ᠴᠠᠭ᠄
2024/12/15
        ᠬᠤᠨᠢᠨ ᠬᠤᠷᠢᠶ᠎ᠠ - ᠬᠤᠨᠢ ᠬᠤᠷᠢᠬᠤ ᠬᠦᠷᠢᠶ᠎ᠡ᠃        ᠰᠠᠷᠠᠪᠴᠢ - ᠬᠤᠨᠢᠨ ᠬᠤᠷᠢᠶᠠᠨ ᠤ ᠳᠤᠯᠠᠭᠠᠨ ᠫᠧᠩ᠃        ᠲᠥᠯ ᠤᠨ ᠪᠥᠬᠦᠭᠡᠭ - ᠲᠥᠯ ᠬᠤᠷᠢᠬᠤ ᠨᠠᠮᠬᠠᠨ ᠰᠢᠪᠠᠷ ᠭᠡᠷ᠃        ᠣᠳᠣ ᠪᠦᠷ ᠲᠥᠯ ᠤᠨ ᠫᠧᠩ ᠭᠡᠵᠦ ᠪᠤᠢ᠃        ᠲᠥᠯ ᠤᠨ ᠤᠭᠤᠲᠠ - ᠬᠤᠨᠢ ᠲᠥᠯᠯᠡᠬᠦ ᠦᠶ᠎ᠡ᠂ ᠬᠤᠷᠠᠭ᠎ᠠ ᠶᠢ ᠬᠥᠯᠳᠡᠵᠦ ᠪᠡᠭᠡᠷᠡᠬᠦ ᠠᠴᠠ ᠬᠢᠴᠢᠶᠡᠵᠦ ᠲᠤᠰᠬᠠᠢ ᠬᠢᠭᠰᠡᠨ ᠢᠰᠡᠭᠡᠢ ᠰᠠᠪᠠ᠃ ᠮᠠᠯ ᠢᠶᠠᠨ ᠪᠡᠯᠴᠢᠭᠡᠵᠦ ᠶᠠᠪᠤᠬᠤ ᠳᠠᠭᠠᠨ ᠬᠤᠨᠢᠴᠢᠨ ᠡᠭᠦᠷᠴᠦ ᠶᠠᠪᠤᠳᠠᠭ᠃        ᠲᠥᠯ ᠡᠪᠡᠰᠦᠯᠡᠬᠦ - ᠲᠥᠯ ᠤᠨ ᠪᠥᠬᠦᠭᠡᠭ ᠤᠨ ᠤᠨᠢ ᠨᠢᠷᠤᠭᠤ ᠪᠤᠶᠤ ᠬᠤᠷᠢᠶ᠎ᠠ ᠶᠢᠨ ᠬᠠᠨ᠎ᠠ ᠠᠴᠠ ᠡᠪᠡᠰᠦ ᠶᠢ ᠬᠤᠷᠤᠭᠤ ᠬᠢᠷᠢ ᠵᠢᠵᠢᠭ ᠵᠢᠵᠢᠭ ᠢᠶᠠᠷ ᠪᠣᠭᠤᠵᠤ ᠡᠯᠭᠦᠬᠦ᠃        ᠬᠥᠭᠡᠨ᠎ᠡ - ᠬᠤᠷᠠᠭ᠎ᠠ ᠢᠰᠢᠭᠡ ᠤᠶᠠᠬᠤ ᠬᠡᠷᠡᠭᠰᠡᠯ᠃        ᠬᠤᠨᠢᠨ ᠬᠥᠯᠯᠡᠭᠡ - ᠬᠤᠨᠢ ᠨᠣᠣᠰᠣᠯᠠᠬᠤ ᠳᠤ ᠭᠤᠷᠪᠠᠨ ᠬᠥᠯ ᠢ ᠨᠢ ᠪᠠᠷᠢᠵᠤ ᠤᠶᠠᠳᠠᠭ᠃ ᠡᠨᠡᠬᠦ ᠳᠡᠭᠡᠰᠦ ᠶᠢ ᠬᠥᠯᠯᠡᠭᠡ ᠭᠡᠨ᠎ᠡ᠃     
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠤᠷᠳᠤᠨ