ᠲᠠᠪᠤᠨ ᠥᠩᠭᠡ ᠶᠢᠨ ᠬᠠᠳᠠᠭ ᠤᠨ ᠪᠡᠯᠭᠡᠳᠡᠯ
ᠨᠡᠶᠢᠲᠡᠯᠡᠭᠰᠡᠨ ᠴᠠᠭ᠄
2024/12/15
       ᠳᠡᠭᠡᠷ᠎ᠡ ᠦᠶ᠎ᠡ ᠳᠤ ᠬᠥᠷᠥᠩᠭᠡ ᠴᠢᠨᠡᠭᠡ ᠶᠡᠬᠡᠲᠡᠢ ᠠᠶᠢᠯ ᠤᠳ ᠴᠠᠭᠠᠨ ᠰᠠᠷ᠎ᠠ ᠶᠢᠨ ᠪᠢᠲᠡᠭᠦᠨ ᠳᠤ ᠲᠠᠪᠤᠨ ᠥᠩᠭᠡ ᠶᠢᠨ ᠬᠠᠳᠠᠭ ᠢ ᠪᠤᠷᠬᠠᠨ ᠰᠢᠲᠦᠭᠡᠨ ᠤ  ᠪᠠᠨ ᠳᠡᠭᠡᠷ᠎ᠡ ᠳᠡᠯᠭᠡᠵᠦ᠂ ᠠᠷᠢᠬᠢᠨ ᠤ ᠪᠠᠨ ᠳᠡᠭᠡᠵᠢ ᠠᠴᠠ ᠴᠥᠭᠦᠴᠡᠨ  ᠳᠤ ᠬᠢᠵᠦ ᠳᠡᠭᠡᠵᠢᠯᠡᠨ ᠲᠠᠯᠪᠢᠭᠠᠳ᠂ ᠡᠪᠬᠡᠮᠡᠯ ᠰᠤᠷ ᠢᠶᠠᠨ ᠠᠪᠳᠠᠷ᠎ᠠ ᠳᠠᠭᠠᠨ ᠬᠠᠳᠠᠭᠠᠯᠠᠳᠠᠭ ᠪᠠᠶᠢᠭᠰᠠᠨ ᠠᠵᠢ᠃       ︽ᠲᠠᠪᠤᠨ ᠥᠩᠭᠡ ᠶᠢᠨ ᠬᠠᠳᠠᠭ︾  ᠢ ᠬᠠᠳᠠᠭᠠᠯᠠᠵᠤ᠂ ᠪᠤᠶᠠᠨ ᠲᠣᠭᠲᠠᠭᠠᠵᠤ ᠪᠠᠶᠠᠨ ᠴᠢᠨᠡᠭᠡᠯᠢᠭ᠂ ᠭᠠᠢ  ᠭᠠᠷᠤᠵᠠ ᠦᠭᠡᠢ᠂ ᠡᠩᠬᠡ ᠲᠦᠪᠰᠢᠨ ᠶᠠᠪᠤᠬᠤ ᠶᠢ ᠪᠡᠯᠭᠡᠳᠡᠳᠡᠭ᠃ ᠲᠠᠪᠤᠨ ᠥᠩᠭᠡ ᠶᠢᠨ ᠬᠠᠳᠠᠭ ᠢ ᠳᠠᠷᠠᠭᠠᠬᠢ ᠵᠠᠩ ᠦᠢᠯᠡ ᠶᠢ ᠪᠦᠲᠦᠭᠡᠬᠦ ᠳᠤ ᠵᠣᠷᠢᠭᠤᠯᠤᠨ ᠠᠰᠢᠭᠯᠠᠳᠠᠭ ᠪᠠᠶᠢᠨ᠎ᠠ᠃       ᠴᠠᠭᠠᠨ ᠬᠠᠳᠠᠭ᠄ ᠡᠬᠡ ᠶᠢᠨ ᠰᠦᠨ ᠤ ᠥᠩᠭᠡ ᠲᠠᠢ᠂ ᠰᠡᠳᠬᠢᠯ ᠠᠷᠢᠭᠤᠨ᠂ ᠪᠣᠳᠢ ᠰᠡᠳᠬᠢᠯᠭᠡ ᠲᠠᠢ᠂ ᠥᠭᠭᠦᠯᠡᠭᠴᠢ ᠪᠤᠶᠠᠨ ᠲᠠᠢ᠃ ᠬᠠᠷᠠᠩᠭᠤᠢ ᠶᠢ ᠭᠡᠶᠢᠭᠦᠯᠳᠡᠭ ᠠᠮᠤᠷᠯᠢᠩᠭᠤᠢ ᠶᠢᠨ ᠥᠩᠭᠡ ᠤᠴᠢᠷ ᠡᠪᠡᠳᠴᠢᠨ᠂  ᠪᠠᠷᠴᠢᠳ᠂ ᠠᠳᠠ᠂ ᠲᠣᠳᠬᠠᠷ᠂ ᠬᠤᠯᠠᠭᠠᠢ ᠳᠡᠭᠡᠷᠡᠮ ᠢ ᠠᠷᠢᠯᠭᠠᠬᠤ᠂ ᠰᠠᠨᠠᠭᠰᠠᠨ ᠵᠦᠢᠯ ᠢ ᠪᠦᠲᠦᠭᠡᠬᠦ ᠳᠤ  ᠪᠡᠯᠭᠡᠰᠢᠶᠡᠳᠡᠭ᠃       ᠰᠢᠷ᠎ᠠ ᠬᠠᠳᠠᠭ᠄ ᠠᠯᠢᠪᠠ ᠮᠠᠭᠤ ᠪᠦᠬᠦᠨ ᠤ ᠵᠠᠶᠢᠯᠠᠭᠤᠯᠵᠤ᠂ ᠴᠤᠭ ᠵᠣᠯᠪᠣᠭ᠎ᠠ᠂ ᠨᠠᠰᠤ ᠪᠤᠶᠠᠨ᠂ ᠲᠡᠭᠦᠰ  ᠡᠳ᠋ᠯᠡᠯ᠂ ᠢᠷᠠᠭᠤ ᠠᠯᠳᠠᠷ᠂ ᠱᠠᠰᠢᠨ ᠤ ᠢᠵᠠᠭᠤᠷ ᠦᠨᠳᠦᠰᠦ ᠶᠢ ᠰᠢᠨ᠎ᠡ ᠶᠢᠨ ᠰᠠᠷ᠎ᠠ ᠮᠡᠲᠦ ᠳᠡᠯᠭᠡᠷᠡᠭᠦᠯᠬᠦ ᠦᠢᠯᠡ ᠶᠢ ᠪᠦᠲᠦᠭᠡᠨ᠎ᠡ᠃       ᠤᠯᠠᠭᠠᠨ ᠬᠠᠳᠠᠭ᠄ ᠭᠠᠯ ᠭᠤᠯᠣᠮᠲᠠ ᠪᠠᠳᠠᠷᠠᠨ ᠳᠡᠭᠡᠭᠰᠢᠯᠡᠬᠦ ᠶᠢᠨ ᠪᠡᠯᠭᠡᠳᠡᠯ᠃ ᠶᠢᠷᠲᠢᠨᠴᠦ ᠶᠢᠨ ᠶᠢᠰᠦᠨ ᠬᠦᠰᠡᠯ ᠢ ᠪᠦᠷᠢᠳᠦᠭᠦᠯᠬᠦ ᠪᠦᠬᠦ ᠵᠦᠢᠯ ᠢ ᠥᠪᠡᠷᠲᠡᠭᠡᠨ ᠪᠤᠶᠤ ᠨᠠᠭᠠᠰᠢ ᠪᠠᠨ ᠬᠤᠷᠢᠶᠠᠬᠤ ᠦᠢᠯᠡ ᠶᠢ ᠪᠦᠲᠦᠭᠡᠨ᠎ᠡ᠃        ᠴᠡᠩᠬᠡᠷ ᠬᠠᠳᠠᠭ᠄ ᠮᠥᠩᠬᠡ ᠲᠡᠭᠷᠢ ᠶᠢᠨ ᠥᠩᠭᠡ᠂ ᠠᠮᠤᠷ ᠲᠠᠶᠢᠪᠤᠩ ᠤᠨ ᠪᠡᠯᠭᠡᠳᠡᠯ᠂ ᠠᠯᠢᠪᠠ ᠬᠤᠣᠷᠯᠠᠯ  ᠦᠢᠯᠡᠳᠬᠦ ᠬᠤᠣᠷᠲᠠᠨ ᠳᠠᠶᠢᠰᠤᠨ ᠪᠦᠭᠦᠳᠡ ᠶᠢ ᠭᠡᠰᠬᠡᠨ ᠴᠡᠭᠡᠷᠯᠡᠭᠦᠯᠬᠦ ᠦᠢᠯᠡ ᠶᠢ ᠪᠦᠲᠦᠭᠡᠨ᠎ᠡ᠃       ᠨᠣᠭᠤᠭᠠᠨ ᠬᠠᠳᠠᠭ᠄ ᠳᠡᠯᠭᠡᠷᠡᠨ ᠠᠷᠪᠢᠵᠢᠬᠤ ᠶᠢᠨ ᠪᠡᠯᠭᠡᠳᠡᠯ ᠲᠠᠢ᠃ ᠳᠡᠭᠡᠷᠡᠬᠢ ᠪᠡᠯᠭᠡᠳᠡᠯ ᠤᠳ ᠢ ᠪᠣᠳᠣᠵᠤ  ᠬᠠᠳᠠᠭ ᠢ ᠠᠷᠭᠠᠮᠵᠢ᠂ ᠰᠤᠷ᠂ ᠤᠰᠤ ᠦᠭᠡᠢ ᠬᠠᠷ᠎ᠠ ᠠᠷᠢᠬᠢᠨ ᠤ ᠬᠠᠮᠲᠤ ᠬᠠᠳᠠᠭᠠᠯᠠᠳᠠᠭ ᠪᠥᠭᠡᠳ ᠠᠷᠭᠠᠮᠵᠢ᠂ ᠰᠤᠷ  ᠨᠢ ᠮᠠᠯ ᠤᠨ ᠵᠠᠶᠠᠭ᠎ᠠ ᠲᠣᠭᠲᠠᠭᠠᠬᠤ᠂ ᠠᠷᠢᠬᠢ ᠨᠢ ᠪᠤᠰᠤᠳ ᠪᠦᠬᠦ ᠪᠤᠶᠠᠨ ᠲᠣᠭᠲᠠᠭᠠᠨ᠎ᠠ ᠭᠡᠰᠡᠨ ᠰᠠᠨᠠᠭ᠎ᠠ ᠪᠠᠷ  ᠰᠦᠰᠦᠭᠯᠡᠨ ᠬᠠᠳᠠᠭᠠᠯᠠᠵᠤ ᠢᠷᠠᠵᠠᠢ᠃       ᠡᠶᠢᠨ ᠡᠭᠦᠳᠡᠨ ᠠᠴᠠ ᠠᠷᠢᠬᠢ ᠬᠠᠳᠠᠭ ᠬᠤᠶᠠᠷ ᠢ ᠴᠤᠭ ᠬᠠᠳᠠᠭᠠᠯᠠᠪᠠᠰᠤ ᠡᠳ᠋ ᠮᠥᠩᠭᠦ ᠲᠣᠭᠲᠠᠬᠤ᠂ ᠠᠮᠤᠷ ᠲᠠᠶᠢᠪᠤᠩ ᠠᠮᠢᠳᠤᠷᠠᠬᠤ ᠪᠡᠯᠭᠡᠳᠡᠯ ᠣᠷᠣᠰᠢᠨ᠎ᠠ ᠬᠡᠮᠡᠳᠡᠭ ᠪᠠᠶᠢᠨ᠎ᠠ᠃             
ᠢᠷᠡᠯᠲᠡ᠄ ᠳᠤᠯᠤᠨ ᠨᠠᠭᠤᠷ ᠰᠢᠶᠠᠨ ᠤ ᠠᠷᠠᠳ ᠤᠨ ᠵᠠᠰᠠᠭ ᠤᠨ ᠣᠷᠳᠣᠨ