ᠲᠡᠮᠡᠭᠡᠨ ᠤ ᠨᠡᠷᠡᠶᠢᠳᠦᠯ ᠳᠠᠭᠤᠳᠠᠯᠭ᠎ᠠ
ᠨᠡᠶᠢᠲᠡᠯᠡᠭᠰᠡᠨ ᠴᠠᠭ᠄
2024/12/15
        ᠬᠤᠶᠠᠳᠤᠭᠠᠷ ᠪᠦᠯᠦᠭ ᠲᠡᠮᠡᠭᠡᠨ ᠤ ᠨᠡᠷᠡᠶᠢᠳᠦᠯ ᠳᠠᠭᠤᠳᠠᠯᠭ᠎ᠠ        ᠲᠡᠮᠡᠭᠡᠨ ᠤ ᠨᠡᠷᠡᠶᠢᠳᠦᠯ ᠳᠠᠭᠤᠳᠠᠯᠭ᠎ᠠ ᠭᠡᠳᠡᠭ ᠪᠣᠯ ᠲᠡᠮᠡᠭᠡᠨ ᠤ ᠨᠠᠰᠤ ᠰᠢᠳᠣ᠂ ᠨᠠᠰᠤ ᠵᠢᠯ᠂ ᠨᠠᠰᠤ ᠬᠦᠢᠰᠦ᠂ ᠥᠩᠭᠡ ᠵᠢᠰᠦ᠂ ᠭᠠᠳᠠᠷ ᠪᠠᠶᠢᠳᠠᠯ᠂ ᠤᠳᠤᠮ ᠤᠭᠰᠠᠭ᠎ᠠ᠂ ᠵᠠᠩ ᠠᠷᠠᠨᠰᠢᠨ᠂ ᠨᠤᠲᠤᠭ ᠤᠰᠤ᠂ ᠲᠠᠮᠠᠭ᠎ᠠ ᠲᠡᠮᠳᠡᠭ᠂ ᠶᠠᠪᠤᠳᠠᠯ ᠭᠢᠰᠬᠢᠳᠡᠯ᠂ ᠤᠨᠤᠯᠭ᠎ᠠ ᠡᠳ᠋ᠯᠡᠭᠡ᠂ ᠠᠰᠢᠭ ᠰᠢᠮ᠎ᠡ᠂ ᠬᠤᠴᠢ ᠴᠣᠯᠠ᠂ ᠠᠷᠬᠠᠭ ᠬᠡᠮ ᠵᠡᠷᠭᠡ ᠥᠪᠡᠷᠮᠢᠴᠡ ᠣᠨᠴᠠᠯᠢᠭ ᠲᠤᠨᠢ ᠨᠡᠶᠢᠴᠡᠭᠦᠯᠵᠦ ᠨᠡᠷ᠎ᠡ ᠥᠭᠬᠦ ᠶᠢ ᠬᠡᠯᠡᠵᠦ ᠪᠠᠶᠢᠭ᠎ᠠ ᠶᠤᠮ᠃ ᠲᠡᠮᠡᠭᠡᠨ ᠤ ᠨᠡᠷ᠎ᠡ ᠨᠢ ᠵᠦᠪᠭᠡᠨ ᠲᠡᠮᠡᠭᠡ ᠲᠡᠮᠡᠭᠡᠨ ᠤ ᠳᠤᠮᠳᠠ᠂ ᠬᠤᠳᠠ ᠬᠤᠲᠠᠨ ᠤ ᠬᠤᠭᠤᠷᠣᠨᠳᠤ ᠨᠢ ᠢᠯᠭᠠᠵᠤ ᠵᠢᠰᠦᠯᠡᠬᠦ ᠪᠤᠶᠤ ᠬᠠᠶᠢᠵᠤ ᠰᠤᠷᠠᠭᠯᠠᠬᠤ ᠳᠤ ᠬᠢᠯᠪᠠᠷ ᠲᠦᠬᠦᠮ ᠪᠤᠯᠭᠠᠬᠤ ᠶᠢᠨ ᠲᠥᠯᠥᠭᠡ ᠥᠭᠭᠦᠭᠰᠡᠨ ᠲᠡᠳᠦᠢ ᠶᠤᠮ᠃ ᠲᠡᠮᠡᠭᠡ ᠶᠢ ᠥᠩᠭᠡ ᠵᠢᠰᠦ ᠪᠠᠷ ᠨᠢ ᠪᠤᠶᠤ ᠥᠰᠴᠦ ᠲᠦᠷᠥᠭᠰᠠᠨ ᠪᠠᠶᠢᠳᠠᠯ᠂ ᠪᠡᠶ᠎ᠡ ᠡᠷᠬᠡᠲᠡᠨ ᠤ ᠬᠢᠨᠢ ᠣᠨᠴᠠᠯᠢᠭ᠂ ᠠᠭᠠᠰᠢ ᠵᠠᠩ᠂ ᠶᠠᠪᠤᠳᠠᠯ ᠲᠥᠯᠥᠪ᠂ ᠨᠤᠲᠤᠭ ᠤᠰᠤ᠂ ᠤᠳᠤᠮ ᠤᠭᠰᠠᠭ᠎ᠠ ᠵᠡᠷᠭᠡ ᠶᠢ ᠨᠢ ᠪᠦᠬᠦ ᠲᠠᠯ᠎ᠠ ᠪᠠᠷ ᠠᠵᠢᠭᠯᠠᠨ ᠰᠢᠨᠵᠢᠵᠦ᠂ ᠬᠠᠮᠤᠭ ᠤᠨ ᠲᠣᠪᠣᠶᠢᠮ᠎ᠠ ᠣᠨᠴᠠᠯᠢᠭ ᠲᠤᠨᠢ ᠲᠣᠬᠢᠷᠠᠭᠤᠯᠵᠤ ᠨᠡᠷᠡᠯᠡᠳᠡᠭ᠃ ᠲᠡᠮᠡᠭᠡ ᠶᠢ ᠪᠣᠲᠣᠭᠤ ᠲᠣᠷᠤᠮ ᠳᠤᠨᠢ ᠨᠡᠷᠡᠯᠡᠬᠦ ᠠᠴᠠ ᠭᠠᠳᠠᠨ᠎ᠠ ᠪᠠᠰᠠ ᠨᠠᠰᠤ ᠭᠦᠢᠴᠡᠬᠦ ᠶᠢ ᠳᠠᠭᠠᠯᠳᠤᠨ ᠨᠠᠰᠤ ᠰᠢᠳᠤ᠂ ᠬᠦᠢᠰᠦ ᠴᠢᠨᠠᠷ ᠪᠠ ᠤᠨᠤᠯᠭ᠎ᠠ ᠠᠴᠢᠯᠭ᠎ᠠ᠂ ᠡᠳ᠋ᠯᠡᠭᠡ ᠬᠡᠷᠡᠭᠯᠡᠭᠡ᠂ ᠨᠤᠲᠤᠭ ᠪᠡᠯᠴᠢᠭᠡᠷ᠂ ᠲᠠᠮᠠᠭ᠎ᠠ ᠲᠡᠮᠳᠡᠭ᠂ ᠠᠯᠳᠠᠷ ᠨᠡᠷ᠎ᠡ᠂ ᠬᠤᠴᠢ ᠴᠣᠯᠠ᠂ ᠠᠷᠬᠠᠭ ᠭᠡᠮ᠂ ᠣᠨᠴᠠ ᠬᠠᠴᠢᠨ ᠤᠴᠠᠷᠠᠯ ᠪᠤᠶᠤ ᠡᠵᠡᠨ ᠢᠶᠠᠷ ᠨᠢ ᠨᠡᠷᠡᠰᠢᠭᠦᠯᠵᠦ ᠨᠡᠷᠡᠯᠡᠬᠦ ᠮᠡᠲᠦ ᠣᠯᠠᠨ ᠵᠦᠢᠯ ᠪᠤᠢ᠃        ᠨᠢᠭᠡᠳᠦᠭᠡᠷ ᠬᠡᠰᠡᠭ ᠨᠠᠰᠤ ᠵᠢᠯ ᠢᠶᠠᠷ ᠨᠢ ᠨᠡᠷᠡᠯᠡᠬᠦ ᠪᠣᠲᠣᠭᠤ᠄        ᠨᠢᠭᠡ ᠨᠠᠰᠤ ᠲᠠᠢ ᠲᠡᠮᠡᠭᠡᠨ ᠤ ᠶᠡᠷᠦᠩᠬᠡᠢ ᠨᠡᠷᠡᠶᠢᠳᠦᠯ᠃ ᠰᠠᠯᠢᠰᠤᠲᠤ ᠪᠣᠲᠣᠭᠤ᠄ ᠬᠠᠲᠠᠵᠤ ᠠᠮᠵᠢᠭ᠎ᠠ ᠦᠭᠡᠢ ᠪᠣᠲᠣᠭᠤ᠃ ᠲᠠᠩᠴᠠᠷᠡᠭᠡ ᠪᠣᠲᠣᠭᠤ ︵ ᠲᠠᠯᠴᠢᠷᠡᠭᠡ ᠪᠣᠲᠣᠭᠤ︶᠄ ᠯᠠᠪᠳᠠᠭᠤᠨ ᠵᠣᠭᠰᠣᠵᠤ ᠴᠢᠳᠠᠬᠤ ᠪᠤᠶᠤ ᠡᠬᠢᠯᠡᠵᠦ ᠠᠯᠬᠤᠵᠤ ᠴᠢᠳᠠᠬᠤ ᠪᠣᠯᠤᠭᠰᠠᠨ ᠪᠣᠲᠣᠭᠤ᠃ ᠨᠢᠯᠬ᠎ᠠ ᠪᠣᠲᠣᠭᠤ᠄ ᠬᠤᠶᠠᠷ ᠲᠤᠯᠤᠭ᠎ᠠ ᠬᠤᠨᠤᠭ᠎ᠠ ᠦᠭᠡᠢ ᠪᠤᠶᠤ ᠡᠪᠡᠰᠦᠨ ᠳᠤ ᠣᠷᠣᠭᠠᠳᠤᠢ ᠪᠣᠲᠣᠭᠤ᠃ ᠬᠦᠷᠤᠪᠠ ︵ᠬᠥᠷᠥᠪᠡᠵᠢᠭᠡ︶ ᠪᠣᠲᠣᠭᠤ᠄ ᠪᠣᠶᠢᠵᠢᠵᠤ ᠲᠣᠷᠨᠢᠭᠠᠳ ᠡᠪᠡᠰᠦᠨ ᠳᠤ ᠣᠷᠣᠭᠰᠠᠨ ᠪᠣᠲᠣᠭᠤ᠃ ᠤᠤᠭᠠᠨ ᠪᠣᠲᠣᠭᠤ᠄ ᠨᠢᠭᠡ ᠵᠢᠯ ᠤᠨ ᠲᠣᠰ ᠰᠦᠷᠦᠭ ᠤᠨ ᠬᠠᠮᠤᠭ ᠲᠦᠷᠦᠭᠦᠨ ᠤ ᠪᠣᠲᠣᠭᠤ ᠪᠤᠶᠤ ᠨᠢᠭᠡ ᠢᠩᠭᠡᠨ ᠤ ᠠᠩᠬᠠᠨ ᠤ ᠪᠣᠲᠣᠭᠤ᠃ ᠤᠤᠬᠠᠤᠨ ᠪᠣᠲᠣᠭᠤ᠄ ᠨᠢᠭᠡ ᠵᠢᠯ ᠤᠨ ᠲᠤᠰ ᠰᠦᠷᠦᠭ ᠤᠨ ᠬᠠᠮᠤᠭ ᠰᠠᠬᠦᠯ ᠤᠨ ᠪᠣᠲᠣᠭᠤ᠃ ᠳᠠᠪᠵᠠ ᠪᠣᠲᠣᠭᠤ᠄ ᠪᠡᠶ᠎ᠡ ᠪᠠᠭ᠎ᠠ᠂ ᠥᠰᠦᠯᠲᠡ ᠠᠨᠠᠢ ᠪᠣᠲᠣᠭᠤ᠃ ᠬᠡᠨᠵᠡ ᠪᠣᠲᠣᠭᠤ᠄ ᠲᠡᠮᠡᠭᠡ ᠪᠣᠲᠣᠭᠤᠯᠠᠬᠤ ᠴᠠᠭ ᠠᠴᠠ ᠬᠤᠵᠢᠳᠠᠵᠤ ᠭᠠᠷᠤᠭᠰᠠᠨ ᠪᠣᠲᠣᠭᠤ᠃ ᠥᠨᠥᠴᠢᠨ ᠪᠣᠲᠣᠭᠤ᠄ ᠡᠬᠡ ᠨᠢ ᠦᠬᠦᠭᠰᠡᠨ ᠪᠣᠲᠣᠭᠤ᠃ ᠭᠤᠪᠰᠢᠭᠤᠷ ᠪᠣᠲᠣᠭᠤ᠄ ᠡᠬᠡ ᠠᠴᠠ ᠪᠠᠨ ᠪᠤᠰᠤ ᠢᠩᠭᠡ ᠶᠢ ᠬᠤᠯᠠᠭᠤᠵᠤ ᠬᠥᠬᠦᠬᠦ ᠵᠠᠩ ᠲᠠᠢ ᠪᠣᠲᠣᠭᠤ᠃ ᠠᠪᠤᠭᠤᠯ ᠪᠣᠲᠣᠭᠤ᠄ ᠡᠬᠡ ᠨᠢ ᠦᠬᠦᠭᠰᠡᠨ ᠪᠠ ᠡᠬᠡ ᠨᠢ ᠭᠤᠯᠣᠭᠰᠠᠨ ᠠᠴᠠ ᠪᠣᠯᠵᠤ ᠪᠤᠰᠤᠳ ᠢᠩᠭᠡᠨ ᠳᠤ ᠠᠮᠠᠳᠠᠭᠤᠯᠵᠤ ᠠᠪᠬᠠᠭᠤᠯᠤᠭᠰᠠᠨ ᠪᠣᠲᠣᠭᠤ᠃ ᠲᠠᠯᠡᠭᠡ ᠪᠣᠲᠣᠭᠤ᠄ ᠬᠤᠶᠠᠷ ᠢᠩᠭᠡ ᠬᠥᠬᠦᠳᠡᠭ ᠪᠣᠲᠣᠭᠤ᠃ ᠲᠣᠷᠤᠮ᠄ ᠬᠤᠶᠠᠷ ᠨᠠᠰᠤ ᠲᠠᠢ ᠲᠡᠮᠡᠭᠡᠨ ᠤ ᠶᠡᠷᠦᠩᠬᠡᠢ ᠨᠡᠷᠡᠶᠢᠳᠦᠯ᠃ ᠨᠤᠠᠠᠳᠤᠳᠤ ᠲᠣᠷᠤᠮ᠄ ᠨᠣᠭᠲᠣ ᠶᠢ ᠨᠢ ᠠᠪᠤᠭᠠᠳᠤᠢ ᠪᠤᠶᠤ ᠡᠬᠡ ᠶᠢ ᠨᠢ ᠰᠠᠭᠠᠵᠤ ᠪᠠᠶᠢᠭ᠎ᠠ ᠲᠣᠷᠤᠮ᠃ ᠤᠶᠠᠭᠠᠷᠢ ᠲᠣᠷᠤᠮ᠄ ᠡᠬᠡ ᠠᠴᠠ ᠨᠢ ᠢᠯᠭᠠᠵᠤ᠂ ᠡᠬᠡ ᠶᠢ ᠨᠢ ᠰᠠᠭᠠᠵᠤ ᠪᠠᠶᠢᠭ᠎ᠠ ᠲᠣᠷᠤᠮ᠃ ᠳᠠᠭᠠᠭᠤᠯ ᠲᠣᠷᠤᠮ᠄ ᠡᠬᠡ ᠪᠠᠨ ᠲᠠᠭᠠᠵᠤ ᠪᠡᠯᠴᠢᠭᠡᠷ ᠲᠤ ᠶᠠᠪᠤᠭ᠎ᠠ ᠲᠣᠷᠤᠮ᠃ ᠰᠢᠷ᠎ᠠ ᠰᠢᠯᠪᠢ᠄ ᠪᠣᠲᠣᠭᠤ ᠨᠠᠰᠤᠨ ᠠᠴᠠ ᠲᠣᠷᠤᠮ ᠨᠠᠰᠤ ᠤᠷᠤᠭᠤ ᠰᠢᠯᠵᠢᠬᠦ ᠦᠶ᠎ᠡ ᠶᠢᠨ ᠪᠣᠲᠣᠭᠤ ᠶᠢ ᠰᠢᠷ᠎ᠠ ᠰᠢᠯᠪᠢ ᠭᠡᠬᠦ ᠪᠠ ᠨᠣᠣᠰᠣᠨ ᠠᠴᠠ ᠪᠠᠨ ᠰᠠᠯᠤᠭᠠᠳᠤᠢ ᠪᠤᠶᠤ ᠬᠦᠴᠦ ᠲᠠᠷᠭᠤ ᠮᠠᠭᠤᠲᠠᠢ ᠲᠣᠷᠤᠮ᠃ ᠬᠠᠳᠬᠤᠮᠠᠯ ᠲᠣᠷᠤᠮ᠄ ᠪᠦᠬᠦᠯᠢ ᠭᠤᠷᠪᠠᠨ ᠨᠠᠰᠤ ᠬᠦᠷᠤᠭᠡᠳᠤᠢ ᠪᠤᠶᠤ ᠪᠤᠶᠢᠯᠠᠯᠠᠬᠤ ᠨᠠᠰᠤᠨ ᠤ ᠲᠣᠷᠤᠮ᠃ ᠲᠦᠭᠦᠬᠡᠢ ᠲᠣᠷᠤᠮ᠄ ᠪᠤᠶᠢᠯᠠᠯᠠᠭᠠᠳᠤᠢ ᠲᠣᠷᠤᠮ᠃ ᠭᠤᠨ᠎ᠠ᠄ ᠭᠤᠷᠪᠠᠨ ᠨᠠᠰᠤ ᠲᠠᠢ ᠡᠷ᠎ᠡ ᠲᠡᠮᠡᠭᠡᠨ ᠤ ᠶᠡᠷᠦᠩᠬᠡᠢ ᠨᠡᠷᠡᠶᠢᠳᠦᠯ᠃ ᠭᠤᠨᠵᠢ᠄ ᠭᠤᠷᠪᠠᠨ ᠨᠠᠰᠤ ᠲᠠᠢ ᠡᠮ᠎ᠡ ᠲᠡᠮᠡᠭᠡᠨ ᠤ ᠶᠡᠷᠦᠩᠬᠡᠢ ᠨᠡᠷᠡᠶᠢᠳᠦᠯ᠃ ᠳᠥᠨ᠎ᠡ᠄ ᠲᠦᠷᠪᠠᠨ ᠨᠠᠰᠤ ᠲᠠᠢ ᠲᠡᠮᠡᠭᠡᠨ ᠤ ᠶᠡᠷᠦᠩᠬᠡᠢ ᠨᠡᠷᠡᠶᠢᠳᠦᠯ᠃ ᠳᠥᠨ᠎ᠡ ᠲᠠᠪᠤᠨ ᠨᠠᠰᠤᠲᠤ᠄ ᠪᠦᠬᠦᠯᠢ ᠲᠠᠪᠤᠨ ᠨᠠᠰᠤ ᠬᠦᠷᠦᠭᠡᠳᠦᠢ ᠡᠷ᠎ᠡ ᠲᠡᠮᠡᠭᠡ᠃ ᠳᠥᠨ᠎ᠡ ᠲᠠᠪᠤᠨ ᠨᠠᠰᠤᠲᠤ ︵ᠬᠠᠭᠤᠴᠢᠨ ᠳᠥᠨ᠎ᠡ︶ ᠠᠴᠠ ᠳᠡᠭᠡᠭᠰᠢ ᠨᠠᠰᠤ ᠲᠠᠢ ᠲᠡᠮᠡᠭᠡ ᠶᠢ ᠨᠠᠰᠤ ᠭᠦᠢᠴᠡᠭᠰᠡᠨ᠂ ᠪᠦᠳᠦᠭᠦᠨ ᠲᠡᠮᠡᠭᠡ ᠭᠡᠬᠦ ᠪᠤᠶᠤ ᠲᠠᠪᠤᠨ ᠨᠠᠰᠤ ᠲᠠᠢ ᠲᠡᠮᠡᠭᠡ᠂ ᠵᠢᠷᠭᠤᠭᠠᠨ ᠨᠠᠰᠤ ᠲᠠᠢ ᠲᠡᠮᠡᠭᠡ᠂ ᠲᠤᠯᠤᠭᠠᠨ ᠨᠠᠰᠤ ᠲᠠᠢ ᠲᠡᠮᠡᠭᠡ ᠭᠡᠬᠦ ᠮᠡᠲᠦ ᠪᠠᠷ ᠨᠠᠰᠤᠨ ᠤ ᠬᠢᠨᠢ ᠲᠤᠭ᠎ᠠ ᠪᠠᠷ ᠨᠡᠷᠡᠯᠡᠳᠡᠭ᠃ ᠲᠡᠷᠡᠴᠢᠯᠡᠨ ᠬᠡᠳᠦᠨ ᠨᠠᠰᠤ ᠲᠠᠢ ᠢᠩᠭᠡ᠂ ᠬᠡᠳᠦᠨ ᠨᠠᠰᠤ ᠲᠠᠢ ᠠᠳᠠ᠂ ᠬᠡᠳᠦᠨ ᠨᠠᠰᠤ ᠲᠠᠢ ᠪᠤᠤᠷ᠎ᠠ ᠭᠡᠵᠦ ᠨᠠᠰᠤᠨ ᠤ ᠲᠣᠭᠠᠨ ᠳᠤᠨᠢ ᠬᠦᠢᠰᠦ ᠴᠢᠨᠠᠷ ᠶᠢ ᠨᠢ ᠳᠠᠭᠠᠭᠤᠯᠵᠤ ᠨᠡᠷᠡᠯᠡᠳᠡᠭ᠃        ᠬᠤᠶᠠᠳᠤᠭᠠᠷ ᠬᠡᠰᠡᠭ ᠨᠠᠰᠤ ᠰᠢᠳᠤ ᠪᠠᠷ ᠨᠢ ᠨᠡᠷᠡᠯᠡᠬᠦ        ᠲᠠᠪᠤᠨ ᠨᠠᠰᠤᠨ ᠠᠴᠠ ᠳᠡᠭᠡᠭᠰᠢ ᠲᠡᠮᠡᠭᠡ ᠶᠢ ᠨᠠᠰᠤ ᠵᠢᠯ ᠢᠶᠠᠷ ᠨᠢ ᠨᠡᠷᠡᠯᠡᠬᠦ ᠲᠤᠰᠬᠠᠢ ᠨᠡᠷᠡᠶᠢᠳᠦᠯ ᠪᠠᠶᠢᠳᠠᠭ ᠦᠭᠡᠢ ᠪᠤᠯᠪᠠᠴᠤ ᠵᠠᠩᠰᠢᠯ ᠢᠶᠠᠷ ᠰᠢᠳᠤ ᠠᠷᠠᠭᠠᠨ ᠤ ᠬᠢᠨᠢ ᠬᠤᠪᠢᠷᠠᠯᠲᠠ ᠪᠠᠷ ᠨᠡᠷ᠎ᠡ ᠥᠭᠬᠦ ᠶᠢ ᠨᠠᠰᠤ ᠰᠢᠳᠤ ᠪᠠᠷ ᠨᠢ ᠨᠡᠷᠡᠯᠡᠬᠦ ᠭᠡᠳᠡᠭ᠃ ᠲᠡᠮᠡᠭᠡ ᠶᠢ ᠨᠢᠯᠬ᠎ᠠ ᠶᠢᠨ ᠦᠶ᠎ᠡ ᠶᠢᠨ ᠡᠭᠦᠳᠡᠨ ᠰᠢᠳᠤᠨ ᠠᠴᠠ ᠡᠬᠢᠯᠡᠵᠦ ᠬᠤᠣᠰ ᠬᠤᠣᠰ ᠢᠶᠠᠷ ᠰᠣᠯᠢᠭᠳᠠᠬᠤ ᠶᠢ ᠳᠠᠭᠠᠯᠳᠤᠨ ᠬᠤᠶᠠᠷ ᠰᠢᠳᠤ ᠲᠠᠢ᠂ ᠲᠦᠷᠪᠠᠨ ᠰᠢᠳᠤ ᠲᠠᠢ᠂ ᠵᠢᠷᠭᠤᠭᠠᠨ ᠰᠢᠳᠤ ᠲᠠᠢ ᠭᠡᠬᠦ ᠪᠤᠶᠤ ᠰᠢᠳᠤ᠂ ᠰᠣᠶᠤᠭ᠎ᠠ᠂ ᠠᠷᠠᠭᠠᠨ ᠤ ᠬᠢᠨᠢ ᠬᠤᠪᠢᠷᠠᠯᠲᠠ ᠶᠢᠨ ᠪᠠᠶᠢᠳᠠᠯ ᠢ ᠦᠨᠳᠦᠰᠦᠯᠡᠵᠦ ᠨᠡᠷᠡᠯᠡᠳᠡᠭ᠃ ᠬᠤᠶᠠᠷ ᠰᠢᠳᠤ ᠲᠠᠢ ᠲᠡᠮᠡᠭᠡ᠄ ᠳᠥᠷᠪᠡ ᠠᠴᠠ ᠲᠠᠪᠤᠨ ᠪᠦᠬᠦᠯᠢ ᠨᠠᠰᠤ ᠬᠦᠷᠤᠭᠡᠤᠨ ᠨᠢᠯᠬ᠎ᠠ ᠶᠢᠨ ᠦᠶ᠎ᠡ ᠶᠢᠨ ᠬᠤᠶᠠᠷ ᠡᠭᠦᠳᠡᠨ ᠰᠢᠳᠤ ᠨᠢ ᠮᠥᠩᠬᠡ ᠰᠢᠳᠤ ᠪᠠᠷ ᠰᠣᠯᠢᠭᠳᠠᠭᠰᠠᠨ ᠲᠡᠮᠡᠭᠡ᠃ ᠲᠦᠷᠪᠠᠨ ᠰᠢᠳᠤ ᠲᠠᠢ ᠲᠡᠮᠡᠭᠡ᠄ ᠲᠠᠪᠤ ᠠᠴᠠ ᠵᠢᠷᠭᠤᠭᠠᠨ ᠪᠦᠬᠦᠯᠢ ᠨᠠᠰᠤ ᠬᠦᠷᠴᠦ ᠬᠤᠶᠠᠷ ᠡᠭᠦᠳᠡᠨ ᠰᠢᠳᠤᠨ ᠤ ᠬᠠᠵᠠᠭᠤ ᠶᠢᠨ ᠬᠤᠶᠠᠷ ᠰᠢᠳᠤ ︵ᠨᠠᠶᠢᠳᠠ ᠲᠦᠷᠪᠠᠨ ᠰᠢᠳᠤ︶ ᠨᠢ ᠰᠣᠯᠢᠭᠳᠠᠭᠰᠠᠨ ᠲᠡᠮᠡᠭᠡ᠃ ᠵᠢᠷᠭᠤᠭᠠᠨ ᠰᠢᠳᠤ ᠲᠠᠢ ᠲᠡᠮᠡᠭᠡ᠄ ᠵᠢᠷᠭᠤᠭ᠎ᠠ ᠠᠴᠠ ᠲᠤᠯᠤᠭᠠᠨ ᠪᠦᠬᠦᠯᠢ ᠨᠠᠰᠤ ᠬᠦᠷᠤᠭᠡᠤᠨ ᠵᠠᠬ᠎ᠠ ᠶᠢᠨ ᠬᠤᠶᠠᠷ ᠰᠢᠳᠤ ︵ᠨᠠᠶᠢᠳᠠ ᠵᠢᠷᠭᠤᠭᠠᠨ ᠰᠢᠳᠤ︶ ᠨᠢ ᠰᠣᠯᠢᠭᠳᠠᠭᠰᠠᠨ ᠲᠡᠮᠡᠭᠡ᠃ ᠰᠢᠳᠤ ᠭᠦᠢᠴᠡᠭᠰᠡᠨ ᠲᠡᠮᠡᠭᠡ᠄ ᠲᠤᠯᠤᠭ᠎ᠠ ᠠᠴᠠ ᠨᠠᠢᠮᠠᠨ ᠨᠠᠰᠤ ᠬᠦᠷᠴᠦ᠂ ᠰᠢᠨ᠎ᠡ ᠭᠠᠷᠤᠭᠰᠠᠨ ᠰᠢᠳᠤ ᠨᠢ ᠪᠦᠷ ᠤᠷᠭᠤᠵᠤ ᠭᠦᠢᠴᠡᠭᠡᠳ ᠵᠢᠷᠭᠤᠭᠠᠨ ᠰᠢᠳᠤ  ᠨᠢ ᠲᠡᠭᠰᠢᠷᠡᠭᠰᠡᠨ ᠪᠥᠭᠡᠳ ᠳᠡᠭᠡᠳᠦ ᠳᠣᠣᠷᠠᠳᠤ ᠨᠢᠯᠬ᠎ᠠ ᠶᠢᠨ ᠰᠣᠶᠤᠭ᠎ᠠ ᠨᠢ ᠪᠦᠷ ᠶᠠᠰᠤᠨ ᠰᠢᠳᠤ ᠪᠠᠷ ᠰᠣᠯᠢᠭᠳᠠᠭᠰᠠᠨ ᠲᠡᠮᠡᠭᠡ᠃ ᠪᠠᠰᠠ ᠰᠢᠳᠤ ᠨᠡᠶᠢᠯᠡᠭᠰᠡᠨ ᠲᠡᠮᠡᠭᠡ ᠭᠡᠳᠡᠭ᠃ ᠰᠢᠳᠤ ᠵᠢᠭᠳᠡᠷᠡᠭᠰᠡᠨ ᠲᠡᠮᠡᠭᠡ᠄ ᠨᠠᠢᠮᠠ ᠠᠴᠠ ᠶᠢᠰᠦᠨ ᠨᠠᠰᠤ ᠬᠦᠷᠴᠦ ᠰᠣᠯᠢᠭᠳᠠᠭᠰᠠᠨ ᠰᠣᠶᠤᠭ᠎ᠠ ᠨᠢ ᠤᠷᠭᠤᠵᠤ ᠭᠦᠢᠴᠡᠭᠡᠳ ᠰᠢᠳᠤ᠂ ᠰᠣᠶᠤᠭ᠎ᠠ᠂ ᠠᠷᠠᠭ᠎ᠠ  ᠨᠢ ᠪᠦᠷ ᠴᠢᠴᠠᠤᠷᠠᠭᠰᠠᠨ ᠲᠡᠮᠡᠭᠡ᠃ ᠬᠤᠶᠠᠷ ᠳᠠᠷᠤᠭᠰᠠᠨ ᠲᠡᠮᠡᠭᠡ᠄ ᠠᠷᠪᠠ ᠠᠴᠠ ᠠᠷᠪᠠᠨ ᠨᠢᠭᠡᠨ ᠨᠠᠰᠤ ᠬᠦᠷᠴᠦ ᠬᠤᠶᠠᠷ ᠡᠭᠦᠳᠡᠨ ᠰᠢᠳᠤ ᠨᠢ ᠨᠡᠯᠢᠶᠡᠳ ᠡᠯᠡᠭᠳᠡᠭᠰᠡᠨ ᠲᠡᠮᠡᠭᠡ᠃ ᠳᠥᠷᠪᠡ ᠳᠠᠷᠤᠭᠰᠠᠨ ᠲᠡᠮᠡᠭᠡ᠄ ᠠᠷᠪᠠᠨ ᠬᠤᠶᠠᠷ ᠠᠴᠠ ᠠᠷᠪᠠᠨ ᠭᠤᠷᠪᠠᠨ ᠨᠠᠰᠤ ᠬᠦᠷᠴᠦ ᠬᠤᠶᠠᠷ ᠡᠭᠦᠳᠡᠨ ᠰᠢᠳᠤ ᠪᠠ ᠬᠠᠵᠠᠭᠤ ᠶᠢᠨ ᠬᠤᠶᠠᠷ ᠰᠢᠳᠤ ᠨᠢ ᠨᠡᠯᠢᠶᠡᠳ ᠡᠯᠡᠭᠳᠡᠭᠰᠡᠨ ᠲᠡᠮᠡᠭᠡ᠃ ᠵᠢᠷᠭᠤᠭ᠎ᠠ ᠳᠠᠷᠤᠭᠰᠠᠨ ᠲᠡᠮᠡᠭᠡ᠄ ᠠᠷᠪᠠᠨ ᠳᠥᠷᠪᠡ ᠠᠴᠠ ᠠᠷᠪᠠᠨ ᠲᠠᠪᠤᠨ ᠨᠠᠰᠤ ᠬᠦᠷᠤᠭᠡᠤᠨ ᠵᠠᠬ᠎ᠠ ᠶᠢᠨ ᠬᠤᠶᠠᠷ ᠰᠢᠳᠤ ᠨᠢ ᠨᠡᠯᠢᠶᠡᠳ ᠡᠯᠡᠭᠳᠡᠵᠦ ᠵᠢᠷᠭᠤᠭᠠᠨ ᠰᠢᠳᠤ ᠨᠢ ᠴᠥᠮ ᠪᠣᠭᠤᠨᠢᠰᠤᠭᠰᠠᠨ ᠲᠡᠮᠡᠭᠡ᠃ ᠰᠣᠶᠤᠭ᠎ᠠ ᠳᠠᠷᠤᠭᠰᠠᠨ ᠲᠡᠮᠡᠭᠡ᠄ ᠠᠷᠪᠠᠨ ᠵᠢᠷᠭᠤᠭ᠎ᠠ ᠠᠴᠠ ᠠᠷᠪᠠᠨ ᠲᠤᠯᠤᠭᠠᠨ ᠨᠠᠰᠤ ᠬᠦᠷᠴᠦ ᠳᠡᠭᠡᠳᠦ ᠳᠣᠣᠷᠠᠳᠤ ᠰᠣᠶᠤᠭ᠎ᠠ ᠨᠢ ᠨᠡᠯᠢᠶᠡᠳ ᠡᠯᠡᠭᠳᠡᠵᠦ ᠨᠠᠮ ᠪᠣᠯᠤᠭᠰᠠᠨ ᠲᠡᠮᠡᠭᠡ᠃ ᠪᠠᠰᠠ ᠵᠠᠬ᠎ᠠ ᠳᠠᠷᠤᠭᠰᠠᠨ ᠲᠡᠮᠡᠭᠡ ᠭᠡᠳᠡᠭ᠃ ᠰᠡᠶᠢᠭᠦᠭᠰᠡᠨ ᠲᠡᠮᠡᠭᠡ᠄ ᠠᠷᠪᠠᠨ ᠨᠠᠢᠮᠠ ᠠᠴᠠ ᠠᠷᠪᠠᠨ ᠶᠢᠰᠦᠨ ᠨᠠᠰᠤ ᠬᠦᠷᠴᠦ ᠪᠦᠬᠦ ᠰᠢᠳᠤ ᠨᠢ ᠬᠤᠭᠤᠷᠣᠨᠳᠤ ᠪᠠᠨ ᠶᠡᠬᠡᠬᠡᠨ ᠵᠠᠢ ᠭᠠᠷᠤᠭᠰᠠᠨ ᠲᠡᠮᠡᠭᠡ᠃ ᠠᠷᠠᠭ᠎ᠠ ᠲᠡᠭᠰᠢᠷᠡᠭᠰᠡᠨ ᠲᠡᠮᠡᠭᠡ᠄ ᠬᠤᠷᠢ ᠠᠴᠠ ᠳᠡᠭᠡᠭᠰᠢ ᠨᠠᠰᠤᠯᠠᠵᠤ ᠰᠢᠳᠤ ᠰᠣᠶᠤᠭ᠎ᠠ ᠨᠢ ᠡᠯᠡᠭᠳᠡᠭᠰᠡᠨ ᠢᠶᠠᠷ ᠪᠠᠷᠠᠬᠤ ᠦᠭᠡᠢ ᠠᠷᠠᠭ᠎ᠠ ᠨᠢ ᠬᠦᠷᠳᠠᠯ᠎ᠠ ᠶᠡᠬᠡᠬᠡᠨ ᠡᠯᠡᠭᠳᠡᠵᠦ ᠪᠣᠭᠤᠨᠢᠰᠤᠭᠰᠠᠨ ᠬᠥᠭᠰᠢᠨ ᠲᠡᠮᠡᠭᠡ᠃ ᠵᠠᠯᠠᠭᠤ ᠲᠡᠮᠡᠭᠡ᠄ ᠵᠢᠷᠭᠤᠭ᠎ᠠ ᠠᠴᠠ ᠠᠷᠪᠠᠨ ᠵᠢᠷᠭᠤᠭᠠᠨ ᠨᠠᠰᠤᠨ ᠤ ᠬᠤᠭᠤᠷᠤᠠᠳᠤᠬᠢ ᠲᠡᠮᠡᠭᠡ᠃ ᠬᠥᠭᠰᠢᠨ ᠲᠡᠮᠡᠭᠡ᠄ ᠬᠤᠷᠢᠨ ᠬᠤᠶᠠᠷ ᠨᠠᠰᠤᠨ ᠠᠴᠠ ᠡᠳ᠋ᠯᠡᠭᠡ ᠦᠭᠡᠢ ᠪᠣᠯᠤᠭᠰᠠᠨ ᠲᠡᠮᠡᠭᠡ᠃ ᠰᠢᠷᠪᠢᠯᠭᠡ ᠲᠡᠮᠡᠭᠡ᠄ ᠤᠨᠤᠯᠭ᠎ᠠ ᠠᠴᠢᠯᠭ᠎ᠠ ᠠᠴᠠ ᠭᠠᠷᠤᠭᠰᠠᠨ ᠬᠥᠭᠰᠢᠨ᠂ ᠵᠡᠮᠳᠡᠭ᠂ ᠶᠠᠳᠠᠷ ᠲᠤᠷᠣᠢ ᠲᠡᠮᠡᠭᠡ᠃ ᠪᠠᠰᠠ ᠰᠢᠢᠳᠪᠦᠷᠢ ᠶᠢᠨ ᠲᠡᠮᠡᠭᠡ ᠭᠡᠳᠡᠭ᠃  
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ