ᠲᠡᠮᠡᠭᠡᠨ ᠤ ᠶᠠᠪᠤᠳᠠᠯ ︵ᠬᠤᠶᠠᠷ︶
ᠨᠡᠶᠢᠲᠡᠯᠡᠭᠰᠡᠨ ᠴᠠᠭ᠄
2024/12/15
        ᠱᠣᠭᠰᠢᠬᠤ᠄ ᠪᠦᠭᠡᠬᠦ ᠠᠴᠠ ᠲᠦᠷᠭᠡᠨ᠂ ᠭᠦᠶᠦᠬᠦ ᠠᠴᠠ ᠤᠳᠠᠭᠠᠨ᠂ ᠲᠡᠮᠡᠭᠡ ᠪᠦᠷᠢ ᠳᠤ ᠪᠠᠶᠢᠳᠠᠭ ᠨᠢᠭᠡ ᠵᠦᠢᠯ ᠤᠨ ᠶᠠᠪᠤᠳᠠᠯ᠃ ᠲᠤᠰ ᠶᠠᠪᠤᠳᠠᠯ ᠨᠢ ᠤᠨᠤᠵᠤ ᠶᠠᠪᠤᠬᠤ ᠳᠤ ᠪᠡᠶ᠎ᠡ ᠳᠤ ᠬᠠᠪᠤ ᠦᠭᠡᠢ ᠪᠣᠯᠬᠤᠷ ᠬᠥᠮᠥᠰ ᠡᠭᠦᠨ ᠢ ︽ᠱᠣᠭᠰᠢᠬᠤ ᠠᠴᠠ ᠥᠭᠡᠷ᠎ᠡ ᠶᠠᠪᠤᠳᠠᠯ ᠦᠭᠡᠢ᠂ ᠰᠣᠭᠲᠣᠬᠤ ᠠᠴᠠ ᠥᠭᠡᠷ᠎ᠡ ᠢᠳᠠ ᠦᠭᠡᠢ︾ ᠭᠡᠵᠦ ᠮᠠᠭᠤᠯᠠᠳᠠᠭ᠃ ᠱᠣᠭᠰᠢᠶ᠎ᠠ ᠶᠢ ᠪᠠᠰᠠ ᠶᠤᠠᠠᠰᠢᠬᠤ ᠭᠡᠳᠡᠭ᠃        ᠳᠥᠷᠪᠡᠯᠵᠢᠯᠡᠬᠦ ︵ᠳᠣᠪᠲᠣᠯᠬᠤ︶᠄ ᠱᠣᠭᠰᠢᠬᠤ ᠠᠴᠠ ᠲᠦᠷᠭᠡᠨ ᠰᠢᠭ ᠶᠠᠪᠤᠳᠠᠯ᠃ ᠡᠨᠡ ᠨᠢ ᠵᠥᠪᠲᠡᠢ ᠲᠠᠯ᠎ᠠ ᠶᠢᠨ ᠡᠮᠦᠨ᠎ᠡ ᠲᠠᠪᠠᠭ ᠢᠶᠠᠨ ᠪᠤᠷᠤᠭᠤᠲᠠᠢ ᠲᠠᠯ᠎ᠠ ᠶᠢᠨ ᠬᠤᠶᠢᠲᠤ ᠲᠠᠪᠠᠭ ᠲᠠᠢ᠂ ᠪᠤᠷᠤᠭᠤᠲᠠᠢ ᠲᠠᠯ᠎ᠠ ᠶᠢᠨ ᠡᠮᠦᠨ᠎ᠡ ᠲᠠᠪᠠᠭ ᠢᠶᠠᠨ ᠵᠥᠪᠲᠡᠢ ᠲᠠᠯ᠎ᠠ ᠶᠢᠨ ᠬᠤᠶᠢᠲᠤ ᠲᠠᠪᠠᠭ ᠲᠠᠢ ᠵᠡᠷᠭᠡᠴᠡᠭᠡ ᠭᠢᠰᠬᠢᠵᠦ ᠳᠥᠷᠪᠡᠯᠵᠢᠨ ᠮᠥᠷ ᠭᠠᠷᠭᠠᠳᠠᠭ ᠪᠣᠯᠬᠤᠷ ᠳᠥᠷᠪᠡᠯᠵᠢᠯᠡᠬᠦ ᠭᠡᠵᠦ ᠨᠠᠷᠠᠯᠠᠵᠠᠢ᠃        ᠲᠡᠰᠢᠬᠦ᠄ ᠱᠣᠭᠰᠢᠶ᠎ᠠ ᠠᠴᠠ ᠲᠦᠷᠭᠡᠨ᠂ ᠳᠠᠪᠬᠢᠬᠤ ᠠᠴᠠ ᠤᠳᠠᠭᠠᠨ ᠭᠦᠶᠦᠳᠡᠯ᠃ ᠡᠨᠡ ᠨᠢ ᠣᠯᠠᠩᠬᠢ ᠳᠠᠭᠠᠨ ᠭᠠᠵᠠᠷ ᠤᠷᠤᠭᠤ ᠪᠡᠶ᠎ᠡ ᠶᠢᠨ ᠵᠠᠩᠭᠤᠷᠭ᠎ᠠ ᠬᠦᠴᠦᠨ ᠢᠶᠠᠷ ᠳᠠᠪᠬᠢᠨ ᠪᠠᠭᠤᠬᠤ ᠶᠠᠪᠤᠳᠠᠯ ᠢ ᠬᠡᠯᠡᠳᠡᠭ᠃ ᠡᠨᠡ ᠶᠠᠪᠤᠳᠠᠯ ᠢ ᠤᠨᠤᠯᠭ᠎ᠠ ᠡᠳ᠋ᠯᠡᠭᠡ ᠳᠤ ᠪᠠᠷᠤᠭ ᠬᠡᠷᠡᠭᠯᠡᠳᠡᠭ ᠦᠭᠡᠢ᠃ ᠡᠭᠦᠨ ᠢ ᠵᠠᠷᠢᠮ ᠬᠥᠮᠥᠨ ᠪᠠᠰᠠ ᠬᠠᠶᠢᠮᠡᠯ ᠢᠩᠭᠡᠨ ᠤ ᠣᠨᠴᠠᠭᠠᠢ ᠶᠠᠪᠤᠳᠠᠯ ᠭᠡᠵᠦ ᠬᠡᠯᠡᠳᠡᠭ᠃        ᠭᠦᠶᠦᠬᠦ᠄ ᠲᠡᠰᠢᠬᠦ ᠠᠴᠠ ᠬᠤᠷᠳᠤᠨ ᠶᠠᠪᠤᠬᠤ ᠶᠠᠪᠤᠳᠠᠯ ᠤᠨ ᠶᠠᠷᠤᠡᠭᠡᠶᠢᠯᠡᠭᠰᠠᠨ ᠨᠡᠷᠡᠶᠢᠳᠦᠯ᠃ ᠭᠦᠶᠦᠬᠦ ᠪᠣᠯ ᠲᠡᠮᠡᠭᠡᠨ ᠤ ᠬᠠᠮᠤᠭ ᠲᠦᠷᠭᠡᠨ ᠶᠠᠪᠤᠳᠠᠯ ᠪᠣᠯᠣᠨ᠎ᠠ᠃ ᠡᠨᠡ ᠶᠠᠪᠤᠳᠠᠯ ᠢᠶᠠᠷ ᠡᠩ ᠤᠨ ᠪᠠᠶᠢᠳᠠᠯ ᠳᠤ ᠬᠠᠮᠤᠭ ᠬᠤᠯᠨ ᠳᠠᠭᠠᠨ 20 ~ 30 ᠭᠠᠵᠠᠷ ᠶᠠᠪᠤᠵᠤ ᠳᠡᠶᠢᠯᠳᠡᠭ᠃        ᠲᠠᠪᠠᠷᠠᠬᠤ᠄ ᠳᠣᠪᠲᠣᠯᠬᠤ ᠠᠴᠠ ᠬᠤᠷᠳᠤᠨ ᠰᠢᠭ᠋ ᠰᠢᠷᠦᠭᠦᠨ ᠶᠠᠪᠤᠳᠠᠯ᠃ ᠲᠤᠰ ᠶᠠᠪᠤᠳᠠᠯ ᠨᠢ ᠣᠨᠣᠭᠰᠠᠨ ᠬᠥᠮᠥᠨ ᠤ ᠪᠡᠶ᠎ᠡ ᠳᠤ ᠬᠠᠲᠠᠭᠤ᠂ ᠡᠪ ᠮᠠᠭᠤᠲᠠᠢ ᠪᠣᠯᠬᠤᠷ ᠲᠠᠪᠠᠷᠠᠭᠠᠵᠤ ᠶᠠᠪᠤᠭ᠎ᠠ ᠬᠥᠮᠥᠨ ᠵᠠᠪᠠᠯ ᠳᠦᠷᠦᠭᠡ ᠵᠢᠭᠢᠨ ᠥᠨᠳᠡᠶᠢᠵᠦ ᠶᠠᠪᠤᠬᠤ ᠴᠢᠬᠤᠯᠠᠲᠠᠢ᠃ ᠡᠶᠢᠮᠦ ᠠᠴᠠ ᠲᠤᠰ ᠶᠠᠪᠤᠳᠠᠯ ᠢ ᠥᠨᠳᠡᠶᠢᠯᠭᠡᠬᠦ᠂ ᠦᠰᠦᠷᠭᠡᠬᠦ ᠭᠡᠵᠦ ᠴᠤ ᠬᠡᠯᠡᠳᠡᠭ᠃        ᠳᠠᠪᠬᠢᠬᠤ ︵ᠰᠤᠪᠤᠷᠠᠭᠠᠬᠤ︶᠄ ᠲᠡᠮᠡᠭᠡᠨ ᠤ ᠪᠦᠬᠦ ᠬᠤᠷᠳᠤᠴᠠ ᠪᠠᠷ ᠶᠠᠪᠤᠬᠤ ᠶᠠᠪᠤᠳᠠᠯ᠃ ᠬᠤᠷᠳᠤᠨ ᠲᠡᠮᠡᠭᠡᠨ ᠳᠤ ᠪᠠᠶᠢᠳᠠᠭ ᠬᠠᠮᠤᠭ ᠲᠦᠷᠭᠡᠨ ᠭᠦᠶᠦᠳᠡᠯ᠃ ᠲᠤᠰ ᠶᠠᠪᠤᠳᠠᠯ ᠨᠢ ᠪᠠᠷᠤᠭ ᠤᠷᠤᠯᠳᠤᠭᠠᠨ ᠳᠤ ᠯᠠ ᠪᠠᠶᠢᠳᠠᠭ ᠪᠥᠭᠡᠳ ᠭᠢᠰᠬᠢᠬᠦ ᠭᠡᠯᠪᠠᠷᠢ ᠨᠢ ᠵᠥᠪᠲᠡᠢ ᠲᠠᠯ᠎ᠠ ᠶᠢᠨ ᠬᠤᠶᠢᠲᠤ ᠬᠥᠯ ᠨᠢ ᠪᠤᠷᠤᠭᠤᠲᠠᠢ ᠲᠠᠯ᠎ᠠ ᠶᠢᠨ ᠡᠮᠦᠨ᠎ᠡ ᠬᠥᠯ ᠤᠨ ᠮᠥᠷ ᠤᠨ ᠢᠶᠠᠨ ᠡᠮᠦᠨ᠎ᠡ ᠨᠢ᠂ ᠪᠤᠷᠤᠭᠤᠲᠠᠢ ᠲᠠᠯ᠎ᠠ ᠶᠢᠨ ᠬᠤᠶᠢᠲᠤ ᠬᠥᠯ ᠨᠢ ᠵᠥᠪᠲᠡᠢ ᠲᠠᠯ᠎ᠠ ᠶᠢᠨ ᠡᠮᠦᠨ᠎ᠡ ᠬᠥᠯ ᠤᠨ ᠮᠥᠷ ᠤᠨ ᠢᠶᠠᠨ ᠡᠮᠦᠨ᠎ᠡ  ᠨᠢ ᠭᠢᠰᠬᠢᠵᠦ ᠭᠠᠭᠴᠠ ᠭᠠᠭᠴᠠ ᠪᠠᠷ ᠠᠷᠤ ᠠᠷᠤ ᠠᠴᠠ ᠪᠠᠨ ᠰᠤᠪᠤᠷᠠᠭᠰᠠᠨ ᠵᠠᠢ ᠰᠠᠴᠠᠭᠤ ᠮᠥᠷ ᠭᠠᠷᠳᠠᠭ ᠪᠣᠯᠬᠤᠷ ᠲᠡᠭᠦᠨ ᠢ ᠰᠢᠯᠪᠢ ᠵᠥᠷᠢᠭᠦᠯᠬᠦ᠂ ᠭᠠᠭᠴᠠ ᠭᠠᠭᠴᠠ ᠲᠤᠰᠬᠠᠬᠤ᠂ ᠰᠤᠪᠤᠷᠠᠭᠠᠬᠤ ᠭᠡᠵᠦ ᠨᠠᠷᠠᠯᠠᠵᠠᠢ᠃ ᠡᠨᠡ ᠶᠠᠪᠤᠳᠠᠯ ᠢ ᠮᠠᠯᠴᠢᠳ ︽ᠰᠤᠪᠤᠷᠠᠭᠠᠵᠤ ᠶᠠᠪᠤᠬᠤ ᠳᠤ ᠠᠳᠠ ᠰᠠᠶᠢᠬᠠᠨ᠂ ᠰᠤᠨᠳᠠᠯᠠᠵᠤ ᠶᠠᠪᠤᠬᠤ ᠳᠤ ᠠᠮᠠᠷᠠᠭ ᠰᠠᠶᠢᠬᠠᠨ︾ ᠭᠡᠵᠦ ᠵᠦᠢᠷᠯᠡᠳᠡᠭ᠃        ᠴᠣᠪᠬᠤᠷᠠᠬᠤ ︵ᠳᠡᠪᠬᠡᠴᠡᠬᠦ︶᠄ ᠡᠮᠦᠨ᠎ᠡ ᠬᠤᠶᠠᠷ ᠬᠥᠯ ᠪᠠ ᠬᠤᠶᠢᠲᠤ ᠬᠤᠶᠠᠷ ᠬᠥᠯ ᠢᠶᠠᠨ ᠵᠡᠷᠭᠡᠪᠡᠷ ᠳᠡᠪᠬᠡᠷᠴᠦ ᠶᠠᠪᠤᠬᠤ ᠶᠠᠪᠤᠳᠠᠯ᠃ ᠡᠨᠡ ᠨᠢ ᠭᠤᠣᠯᠳᠠᠭᠤ ᠲᠤᠰᠢᠶ᠎ᠠ ᠲᠠᠢ ᠪᠤᠶᠤ ᠴᠣᠮᠤᠭ᠎ᠠ ᠲᠠᠢ ᠦᠶ᠎ᠡ ᠳᠤ ᠶᠠᠪᠤᠬᠤ ᠤᠠᠴᠠᠭᠠᠢ ᠶᠠᠪᠤᠳᠠᠯ ᠪᠣᠯᠣᠨ᠎ᠠ᠃        ᠴᠦᠮᠴᠢᠬᠦ᠄ ᠡᠮᠦᠨ᠎ᠡ ᠬᠤᠶᠠᠷ ᠬᠥᠯ ᠢᠶᠠᠨ ᠲᠤᠩ ᠣᠶᠢᠷᠠᠬᠠᠨ ᠭᠢᠰᠬᠢᠵᠦ ᠶᠠᠪᠤᠬᠤ ᠶᠠᠪᠤᠳᠠᠯ᠃ ᠡᠨᠡ ᠨᠢ ᠭᠤᠣᠯᠳᠠᠭᠤ ᠲᠤᠰᠢᠶ᠎ᠠ ᠲᠠᠢ ᠪᠤᠶᠤ ᠵᠢᠯᠪᠢᠩᠲᠦᠭᠰᠡᠨ ᠲᠡᠮᠡᠭᠡᠨ ᠳᠤ ᠪᠠᠶᠢᠳᠠᠭ ᠶᠠᠪᠤᠳᠠᠯ ᠪᠣᠯᠣᠨ᠎ᠠ᠃        ᠲᠠᠪᠠᠴᠠᠬᠤ᠄ ᠡᠮᠦᠨ᠎ᠡ ᠬᠤᠶᠠᠷ ᠬᠥᠯ ᠪᠠ ᠬᠤᠶᠢᠲᠤ ᠬᠤᠶᠠᠷ ᠬᠥᠯ ᠨᠢ ᠵᠡᠷᠭᠡ ᠪᠠᠷ ᠳᠡᠪᠬᠡᠴᠡᠨ ᠴᠣᠪᠬᠤᠴᠢᠵᠤ ᠦᠰᠦᠷᠬᠢᠯᠡᠬᠦ‍ ᠨᠢᠭᠡ ᠵᠦᠢᠯ ᠤᠨ ᠶᠠᠪᠤᠳᠠᠯ᠃ ᠡᠨᠡ ᠨᠢ ᠬᠡᠳᠦᠶᠢᠪᠡᠷ ᠴᠣᠪᠬᠤᠷᠠᠬᠤ ᠲᠠᠢ ᠠᠳᠠᠯᠢᠪᠲᠤᠷ ᠪᠤᠯᠪᠠᠴᠤ ᠲᠤᠰᠢᠶ᠎ᠠ ᠴᠣᠮᠤᠭ᠎ᠠ ᠦᠭᠡᠢ ᠰᠤᠯᠠ ᠳᠤᠷ᠎ᠠ ᠪᠠᠷ ᠪᠠᠶᠢᠬᠤ ᠨᠥᠬᠦᠴᠡᠯ ᠳᠣᠣᠷᠠᠬᠢ ᠶᠠᠪᠤᠳᠠᠯ ᠪᠣᠯᠣᠨ᠎ᠠ᠃ᠡᠨᠡ ᠨᠢ ᠤᠨᠤᠯᠭ᠎ᠠ ᠠᠴᠢᠯᠭ᠎ᠠ ᠳᠤ ᠪᠠᠶᠢᠳᠠᠭ ᠶᠡᠷᠦ ᠶᠢᠨ ᠶᠠᠪᠤᠳᠠᠯ ᠪᠢᠰᠢ᠂ ᠬᠠᠷᠢᠨ ᠦᠷᠭᠦᠵᠦ ᠰᠣᠴᠢᠨ ᠲᠡᠪᠡᠳᠡᠵᠦ ᠰᠠᠨᠳᠤᠷᠤᠭᠰᠠᠨ᠂ ᠬᠡᠨᠲᠡᠭ ᠡᠭᠳᠡᠭᠦᠦ ᠨᠢ ᠬᠦᠷᠥᠭᠰᠠᠨ ᠪᠤᠶᠤ ᠬᠠᠷ᠎ᠠ ᠬᠤᠷᠳᠤ ᠪᠠᠷ ᠢᠶᠠᠨ ᠭᠦᠶᠦᠵᠦ ᠪᠠᠶᠢᠭᠰᠠᠨ ᠲᠡᠮᠡᠭᠡ ᠭᠦᠶᠦᠳᠡᠯ ᠭᠢᠰᠬᠢᠳᠡᠯ ᠢᠶᠠᠨ ᠠᠯᠳᠠᠭᠰᠠᠨ ︵ᠬᠥᠯ ᠠᠯᠳᠠᠭᠰᠠᠨ︶ ᠦᠶ᠎ᠡ ᠳᠤ ᠭᠠᠷᠳᠠᠭ ᠨᠢᠭᠡᠨ ᠵᠦᠢᠯ ᠤᠨ ᠲᠤᠭᠰᠢᠨ ᠰᠢᠷᠦᠭᠦᠨ ᠬᠥᠳᠡᠯᠦᠯ ᠪᠣᠯᠣᠨ᠎ᠠ᠃        ᠲᠠᠩᠭᠠᠴᠢᠬᠤ ︵ᠲᠣᠩᠭᠤᠴᠢᠬᠤ︶᠄ ᠲᠠᠪᠠᠴᠠᠬᠤ ᠲᠠᠢ ᠠᠳᠠᠯᠢᠪᠲᠤᠷ ᠪᠤᠯᠪᠠᠴᠤ ᠲᠣᠯᠣᠭᠠᠢ ᠬᠦᠵᠦᠭᠦᠦ ᠪᠠᠨ ᠳᠣᠷᠣᠭᠰᠢ ᠪᠤᠯᠭᠠᠵᠤ᠂ ᠲᠣᠭᠲᠠᠮᠠᠯ ᠴᠢᠭᠯᠡᠯ ᠪᠠ ᠭᠢᠰᠬᠢᠳᠡᠯ ᠦᠭᠡᠢ ᠪᠠᠷ ᠡᠷᠦᠢ ᠬᠤᠷᠤᠢ ᠦᠭᠡᠢ ᠲᠠᠪᠠᠴᠠᠨ ᠦᠰᠦᠷᠬᠢᠯᠡᠬᠦ ᠶᠢ ᠬᠡᠯᠡᠳᠡᠭ᠃        ᠪᠤᠬᠠᠬᠤ᠄ ᠲᠣᠩᠭᠤᠴᠢᠬᠤ ᠲᠠᠢ ᠠᠳᠠᠯᠢ ᠪᠤᠯᠪᠠᠴᠤ ᠬᠠᠮᠠᠷ ᠪᠤᠷᠠᠨᠲᠠᠭ ᠢᠶᠠᠨ ᠪᠤᠯᠢᠶᠠᠨ᠂ ᠲᠣᠯᠣᠭᠠᠢ ᠪᠠᠨ ᠣᠮᠣᠷᠤᠤ ᠳᠣᠣᠷ᠎ᠠ ᠪᠠᠨ ᠠᠪᠴᠤ ᠲᠠᠪᠠᠴᠠᠨ ᠦᠰᠦᠷᠬᠢᠯᠡᠬᠦ ᠶᠢ ᠵᠢᠭᠠᠳᠠᠭ᠃ ᠡᠨᠡ ᠨᠢ ᠮᠥᠨ ᠬᠥᠮᠥᠨ ᠣᠨᠣᠭᠰᠠᠨ ᠦᠶ᠎ᠡ ᠳᠤ ᠵᠣᠷᠢᠭᠤᠳᠠ ᠲᠤᠶᠢᠯᠠᠬᠤ ᠶᠢᠨ ᠨᠢᠭᠡ ᠭᠡᠯᠪᠠᠷᠢ ᠪᠣᠯᠣᠨ᠎ᠠ᠃        ᠲᠣᠭᠯᠠᠬᠤ᠄ ᠭᠢᠰᠬᠢᠳᠡᠯ ᠨᠢ ᠲᠠᠪᠠᠴᠠᠬᠤ ᠲᠠᠢ ᠠᠳᠠᠯᠢᠬᠠᠨ ᠪᠠᠶᠢᠳᠠᠭ᠃ ᠭᠤᠣᠯᠳᠠᠭᠤ ᠪᠠᠭ᠎ᠠ ᠨᠠᠰᠤᠨ ᠤ ᠪᠤᠶᠤ ᠲᠠᠷᠭᠤ ᠬᠦᠴᠦ ᠲᠠᠢ᠂ ᠡᠮᠨᠢᠭ ᠬᠠᠩᠭᠠᠯ ᠲᠡᠮᠡᠭᠡᠨ ᠤ ᠨᠠᠭᠠᠳᠴᠤ ᠪᠤᠶᠢᠷᠭᠠᠬᠤ ᠦᠶ᠎ᠡ ᠶᠢᠨ ᠶᠠᠪᠤᠳᠠᠯ ᠪᠣᠯᠣᠨ᠎ᠠ᠃        ᠪᠣᠯᠭᠢᠬᠤ ︵ᠬᠠᠯᠢᠰᠬᠤ︶᠄ ᠶᠠᠪᠤᠳᠠᠯ ᠳᠤᠮᠳᠠ ᠠᠴᠠ ᠪᠠᠨ ᠭᠡᠨᠡᠳᠲᠡ ᠭᠡᠳᠠᠷᠬᠦ ᠡᠷᠭᠢᠵᠦ ᠦᠰᠦᠷᠬᠦ ᠪᠤᠶᠤ ᠲᠠᠪᠠᠴᠠᠬᠤ᠃ ᠲᠤᠰ ᠶᠠᠪᠤᠳᠠᠯ ᠨᠢ ᠡᠮᠦᠨ᠎ᠡ ᠪᠤᠶᠤ ᠬᠠᠵᠠᠭᠤ ᠲᠠᠯ᠎ᠠ ᠠᠴᠠ ᠪᠠᠨ ᠦᠷᠭᠦᠵᠦ ᠰᠣᠴᠢᠨ ᠲᠡᠪᠡᠳᠡᠵᠦ ᠰᠠᠨᠳᠤᠷᠤᠭᠰᠠᠨ ᠦᠶ᠎ᠡ ᠳᠤ ᠭᠠᠷᠳᠠᠭ᠃ ᠡᠭᠦᠨ ᠠᠴᠠ ᠭᠠᠳᠠᠨ᠎ᠠ ᠲᠡᠮᠡᠭᠡᠨ ᠳᠤ ᠪᠠᠰᠠ ᠵᠥᠭᠡᠯᠡᠨ ᠶᠠᠪᠤᠳᠠᠯ᠂ ᠵᠥᠭᠡᠯᠡᠨ ᠶᠠᠪᠤᠳᠠᠯ ᠤᠨ ᠡᠰᠡᠷᠭᠦ ᠬᠠᠲᠠᠭᠤ ᠶᠠᠪᠤᠳᠠᠯ᠂ ᠬᠠᠲᠠᠭᠤ ᠶᠠᠪᠤᠳᠠᠯ ᠠᠴᠠ ᠪᠠᠨ ᠬᠠᠲᠠᠭᠤ ᠶᠠᠬᠢᠷ ᠶᠠᠪᠤᠳᠠᠯ᠂ ᠴᠡᠴᠡᠷᠡᠭᠡ ᠮᠠᠶ᠋ᠢᠭ ᠲᠠᠢ ᠮᠢᠵᠢᠷᠡᠭᠡ ᠶᠠᠪᠤᠳᠠᠯ ᠭᠡᠬᠦ ᠮᠡᠲᠦ ᠶᠢᠨ ᠥᠪᠡᠷᠮᠢᠴᠡ ᠶᠠᠪᠤᠳᠠᠯ ᠭᠢᠰᠬᠢᠳᠡᠯ ᠲᠠᠢ᠃
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ